ᠪᠠᠯᠭᠠᠷ ᠊ᠤᠨ ᠤᠰᠤᠨ ᠡᠴᠡ ᠠᠮᠰᠠᠨ᠎ᠠ ᠭᠡᠳᠡᠭ - ᠪᠣᠷᠵᠢᠭᠢᠨ ᠬᠤᠪᠢᠰᠬᠠᠯᠲᠤБалгарын уснаас амсана гэдэг-Боржгин Хувьсгалт ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠯᠭᠠᠷ ᠊ᠤᠨ ᠤᠰᠤᠨ ᠡᠴᠡ ᠠᠮᠰᠠᠨ᠎ᠠ ᠭᠡᠳᠡᠭ - ᠪᠣᠷᠵᠢᠭᠢᠨ ᠬᠤᠪᠢᠰᠬᠠᠯᠲᠤБалгарын уснаас амсана гэдэг-Боржгин Хувьсгалт

ᠪᠠᠯᠭᠠᠷ ᠊ᠤᠨ ᠤᠰᠤᠨ ᠡᠴᠡ ᠠᠮᠰᠠᠨ᠎ᠠ ᠭᠡᠳᠡᠭ - ᠪᠣᠷᠵᠢᠭᠢᠨ ᠬᠤᠪᠢᠰᠬᠠᠯᠲᠤБалгарын уснаас амсана гэдэг-Боржгин Хувьсгалт

2025-01-21

2435

ᠪᠠᠯᠭᠠᠷ ᠊ᠤᠨ ᠤᠰᠤᠨ ᠡᠴᠡ ᠠᠮᠰᠠᠨ᠎ᠠ ᠭᠡᠳᠡᠭ

     ᠵᠣᠬᠢᠶᠠᠭᠴᠢ᠄ ᠪᠣᠷᠵᠢᠭᠢᠨ ᠬᠤᠪᠢᠰᠬᠠᠯᠲᠤ 
     ᠤᠶᠠᠩᠭᠠᠯᠠᠭᠴᠢ᠄ ᠡᠷᠬᠡ 

ᠪᠠᠯᠭᠠᠷ ᠤ᠋ᠨ ᠤᠷᠤᠰᠬᠠᠯ ᠠᠷᠢᠭᠤᠬᠠᠨ 
ᠨᠠᠮ᠎ᠠ ᠶ᠋ᠢ ᠪᠦᠪᠡᠢᠯᠡᠭᠰᠡᠨ ᠡᠵᠢ ᠮᠢᠨᠢ ᠶᠦᠮ 
ᠪᠠᠯᠭᠠᠷ ᠤ᠋ᠨ ᠤᠷᠤᠰᠬᠠᠯ ᠢᠷᠠᠭᠤᠬᠠᠨ 
ᠨᠠᠮ᠎ᠠ ᠶ᠋ᠢ ᠢᠷᠥᠭᠡᠭᠰᠡᠨ ᠠᠪᠤ ᠮᠢᠨᠢ ᠶᠦᠮ 
ᠢᠷᠠᠭᠤ ᠰᠣᠳᠣᠬᠠᠨ ᠡᠨᠡ ᠦᠭᠡ 
ᠦᠷᠦ ᠵᠢᠷᠦᠬᠡᠨ ᠦ᠌ ᠮᠢᠨᠢ ᠭᠡᠭᠡᠨ ᠰᠣᠨᠣᠰᠬᠤᠯᠠᠩ 
ᠢᠯᠭᠤᠮ ᠲᠣᠳᠣᠬᠠᠨ ᠡᠨᠡ ᠨᠡᠷ᠎ᠡ 
ᠠᠮᠢ ᠨᠠᠰᠤᠨ ᠤ᠋ ᠮᠢᠨᠢ ᠠᠵᠠ ᠵᠢᠷᠭᠠᠯᠠᠩ 
ᠨᠠᠷᠠᠨ ᠡᠴᠡ ᠣᠯᠠᠨ ᠳᠠᠬᠢᠨ ᠠᠰᠠᠭᠤᠬᠤ ᠳ᠋ᠤ᠌ 
ᠨᠡᠭᠦᠳᠡᠯ ᠦ᠋ᠨ ᠤᠮᠳᠠ ᠭᠡᠵᠦ
ᠰᠠᠷᠠᠨ ᠡᠴᠡ ᠤᠶᠠᠷᠠᠨ ᠳᠣᠭᠳᠣᠯᠵᠤ ᠬᠠᠷᠠᠬᠤ ᠳ᠋ᠤ᠌
ᠪᠣᠳᠣᠯ ᠤ᠋ᠨ ᠣᠭᠣᠰᠣᠷ ᠭᠡᠵᠦ
ᠣᠳᠣᠨ ᠡᠴᠡ ᠦᠷᠡᠭᠦᠯᠵᠢ ᠭᠡᠷᠡᠯ ᠬᠠᠢᠬᠤ ᠳ᠋ᠤ᠌
ᠲᠤᠤᠯᠢ ᠶ᠋ᠢᠨ ᠬᠥᠭ ᠭᠡᠵᠦ
ᠪᠠᠢᠭᠠᠯᠢ ᠳᠡᠩᠳᠡᠭᠦᠦ ᠠᠮᠢᠨᠴᠢᠯᠠᠨ ᠬᠦᠯᠢᠶᠡᠬᠦ ᠳ᠋ᠦ᠍
ᠬᠠᠢᠷ᠎ᠠ ᠶ᠋ᠢᠨ ᠠᠮᠢᠰᠬᠤᠯ ᠭᠡᠵᠦ
ᠪᠦᠪᠡᠢ ᠯᠡ ᠪᠠᠢᠵᠤ ᠳᠠ᠂ ᠪᠠᠯᠭᠠᠷ ᠭᠣᠣᠯ ᠮᠢᠨᠢ
ᠡᠨᠡᠷᠢᠯ ᠰᠠᠨᠠᠭᠤᠯᠤᠭᠰᠠᠨ ᠴᠡᠩᠬᠡᠷ ᠠᠯᠴᠢᠭᠤᠷ
ᠪᠤᠶᠠᠨ ᠯᠠ ᠪᠠᠢᠵᠤ ᠳᠠ᠂ ᠪᠠᠯᠭᠠᠷ ᠭᠣᠣᠯ ᠮᠢᠨᠢ
ᠡᠩᠬᠡ ᠶ᠋ᠢ ᠳᠠᠯᠠᠯᠤᠭᠰᠠᠨ ᠰᠦᠨ ᠰᠠᠴᠤᠯᠢ
ᠳᠠᠭᠤᠤ ᠯᠠ ᠪᠠᠢᠵᠤ ᠳᠠ᠂ ᠪᠠᠯᠭᠠᠷ ᠭᠣᠣᠯ ᠮᠢᠨᠢ
ᠬᠣᠷᠸ᠎ᠠ ᠶ᠋ᠢ ᠤᠶᠠᠷᠠᠭᠠᠭᠰᠠᠨ ᠮᠣᠷᠢᠨ ᠬᠤᠭᠤᠷ
ᠳᠤᠷᠠᠰᠤᠯ ᠯᠠ ᠪᠠᠢᠵᠤ ᠳᠠ᠂ ᠪᠠᠯᠭᠠᠷ ᠭᠣᠣᠯ ᠮᠢᠨᠢ
ᠨᠠᠷᠠᠨ ᠡᠴᠡ ᠠᠰᠬᠠᠷᠠᠭᠰᠠᠨ ᠤᠷᠠᠨ ᠪᠢᠴᠢᠯᠭᠡ
ᠤᠷᠤᠰᠬᠠᠯ ᠢ᠋ ᠴᠢᠨᠢ ᠭᠠᠲᠤᠯᠵᠤ ᠴᠥᠷᠬᠡᠯᠡᠭᠰᠡᠨ ᠨᠡᠭᠦᠳᠡᠯ
ᠳᠣᠮᠣᠭ ᠪᠣᠯᠵᠤ ᠪᠤᠴᠠᠬᠤ ᠳ᠋ᠤ᠌ ᠪᠢ ᠬᠠᠴᠢᠷᠬᠠᠨ᠎ᠠ
ᠤᠷᠤᠰᠬᠠᠯ ᠢ᠋ ᠴᠢᠨᠢ ᠴᠢᠩᠨᠠᠵᠤ ᠪᠠᠭᠤᠭᠰᠠᠨ ᠠᠢᠯ
ᠳᠤᠷᠠᠰᠬᠠᠯ ᠪᠣᠯᠵᠤ ᠦᠯᠡᠳᠡᠬᠦ ᠳ᠋ᠦ᠍ ᠪᠢ ᠬᠠᠭᠤᠴᠢᠷᠠᠨ᠎ᠠ
ᠤᠷᠤᠰᠬᠠᠯ ᠢ᠋ ᠴᠢᠨᠢ ᠬᠠᠷᠠᠵᠤ ᠳᠠᠭᠤᠯᠠᠭᠰᠠᠨ ᠬᠥᠮᠦᠨ
ᠵᠢᠷᠭᠠᠯ ᠪᠣᠯᠵᠤ ᠤᠨᠳᠤᠷᠬᠤ ᠳ᠋ᠤ᠌ ᠪᠢ ᠤᠶᠠᠷᠠᠨ᠎ᠠ
ᠤᠷᠤᠰᠬᠠᠯ ᠢ᠋ ᠴᠢᠨᠢ ᠰᠠᠨᠠᠵᠤ ᠵᠦᠰᠡᠷᠡᠭᠰᠡᠨ ᠮᠥᠷᠥᠭᠡᠳᠦᠯ
ᠬᠠᠢᠷ᠎ᠠ ᠪᠣᠯᠵᠤ ᠡᠭᠡᠨᠡᠭᠰᠢᠬᠦ ᠳ᠋ᠦ᠍ ᠪᠢ ᠴᠡᠴᠡᠭᠯᠡᠨ᠎ᠡ
ᠪᠠᠢᠮ᠎ᠠ ᠬᠣᠯᠠ ᠡᠴᠡ ᠦᠭᠡᠢᠯᠡᠨ᠎ᠡ ᠭᠡᠳᠡᠭ
ᠬᠦᠭᠰᠦᠯ ᠪᠠᠬᠠᠷᠬᠠᠯ ᠤ᠋ᠨ ᠲᠣᠷᠭᠠᠨ ᠤᠶᠠᠭ᠎ᠠ
ᠪᠠᠬᠠᠷᠤᠮ᠎ᠠ ᠦᠵᠡᠮᠵᠢ ᠡᠴᠡ ᠬᠦᠷᠲᠡᠨ᠎ᠡ ᠭᠡᠳᠡᠭ
ᠬᠦᠰᠡᠯ ᠮᠥᠷᠥᠭᠡᠳᠦᠯ ᠦ᠋ᠨ ᠭᠡᠭᠡᠨ ᠠᠶᠠᠯᠭᠤ
ᠪᠠᠲᠤ ᠣᠷᠣᠰᠢᠬᠤ ᠡᠴᠡ ᠡᠬᠢᠯᠡᠨ᠎ᠡ ᠭᠡᠳᠡᠭ
ᠬᠦᠨᠳᠦᠳᠬᠡᠯ ᠪᠢᠰᠢᠷᠡᠯ ᠦ᠋ᠨ ᠡᠷᠳᠡᠨᠢᠲᠦ ᠲᠠᠪᠢᠯᠠᠩ
ᠪᠠᠯᠭᠠᠷ ᠤ᠋ᠨ ᠤᠰᠤᠨ ᠡᠴᠡ ᠠᠮᠰᠠᠨ᠎ᠠ ᠭᠡᠳᠡᠭ
ᠬᠥᠮᠦᠨ ᠦ᠌ ᠵᠢᠷᠭᠠᠯ ᠤ᠋ᠨ ᠳᠡᠭᠡᠳᠦ ᠵᠠᠶᠠᠭ᠎ᠠ
ᠪᠠᠯᠭᠠᠷ ᠤ᠋ᠨ ᠤᠰᠤᠨ ᠡᠴᠡ ᠠᠮᠰᠠᠨ᠎ᠠ ᠭᠡᠳᠡᠭ ᠠ᠋᠃
       ᠦᠰᠦᠭ ᠬᠠᠳᠠᠭᠴᠢ᠄ ᠪᠦᠷᠢᠨᠵᠢᠷᠭᠠᠯ
       ᠦᠰᠦᠭ ᠠᠮᠢᠯᠠᠭᠤᠯᠤᠭᠴᠢ᠄ ᠪᠦᠷᠢᠨᠵᠢᠷᠭᠠᠯ