1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠮᠢᠨᠢ -ᠨᠣᠮᠢᠨᠰᠤᠪᠤᠳЭэж минь-Номинсвд

ᠡᠵᠢ ᠮᠢᠨᠢ -ᠨᠣᠮᠢᠨᠰᠤᠪᠤᠳЭэж минь-Номинсвд

2025-01-21

584

ᠡᠵᠢ ᠮᠢᠨᠢ

        ᠵᠣᠬᠢᠶᠠᠭᠴᠢ᠄ ᠭᠡᠷᠡᠯᠲᠦ 
        ᠠᠶ᠎ᠠ᠄ ᠱᠠᠷᠠᠶ᠋ᠢᠳ· ᠭᠡᠷᠡᠯ 
        ᠳᠠᠭᠤᠴᠢᠨ᠄ ᠨᠣᠮᠢᠨᠰᠤᠪᠤᠳ 
 ᠮᠠᠢᠯᠠᠬᠤ ᠲᠥᠯ ᠢ᠋ᠶ᠋ᠡᠨ ᠬᠣᠷᠮᠣᠢ ᠳ᠋ᠤ᠌ ᠪᠠᠨ ᠲᠣᠭᠯᠠᠭᠤᠯᠤᠭᠰᠠᠨ 
 ᠮᠠᠨᠴᠤᠢ ᠲᠠᠢ ᠦᠷ᠎ᠡ ᠪᠡᠨ ᠡᠯᠢᠭᠡᠨ ᠳ᠋ᠦ᠍ ᠪᠡᠨ ᠪᠦᠪᠡᠢᠯᠡᠭᠰᠡᠨ 
 ᠮᠠᠩᠨᠠᠢ ᠳ᠋ᠤ᠌ ᠪᠠᠨ ᠦᠷᠴᠢᠯᠡᠭᠡᠰᠦ ᠲᠡᠢ ᠪᠤᠷᠬᠠᠨ 
 ᠮᠠᠯᠴᠢᠨ ᠬᠥᠮᠦᠨ ᠡᠵᠢ ᠮᠢᠨᠢ 
 ᠥᠷᠯᠥᠭᠡᠨ ᠦ᠌ ᠨᠠᠷᠠ ᠶ᠋ᠢ ᠬᠣᠢᠮᠣᠷ ᠲᠤ᠌ ᠪᠠᠨ ᠵᠠᠯᠠᠭᠰᠠᠨ
 ᠥᠯᠥᠭᠡᠢ ᠲᠡᠢ ᠦᠷ᠎ᠡ ᠪᠡᠨ ᠡᠩᠭᠡᠷ ᠲᠦ᠍ ᠪᠡᠨ ᠲᠡᠪᠡᠷᠢᠭᠰᠡᠨ
 ᠦᠢᠯᠡ ᠶ᠋ᠢ ᠮᠢᠨᠢ ᠦᠷᠭᠦᠭᠡᠭᠰᠡᠨ ᠪᠤᠷᠬᠠᠨ
 ᠦᠨᠡᠨ ᠦ᠌ ᠲᠩᠷᠢ ᠡᠵᠢ ᠮᠢᠨᠢ
 ᠰᠠᠴᠤᠯᠢ ᠶ᠋ᠢᠨ ᠳᠡᠭᠡᠵᠢ ᠪᠡᠨ ᠲᠩᠷᠢ ᠳ᠋ᠦ᠍ ᠪᠡᠨ ᠡᠷᠭᠦᠭᠰᠡᠨ
 ᠰᠠᠢᠬᠠᠨ ᠪᠦᠬᠦᠨ ᠢ᠋ ᠰᠡᠳᠬᠢᠯ ᠳ᠋ᠦ᠍ ᠪᠡᠨ
 ᠰᠠᠢᠨ ᠢ᠋ ᠢᠪᠡᠭᠡᠭᠰᠡᠨ ᠪᠤᠷᠬᠠᠨ
 ᠰᠠᠨᠴᠢᠭ ᠪᠤᠭᠤᠷᠤᠯ ᠡᠵᠢ ᠮᠢᠨᠢ
     ᠦᠰᠦᠭ ᠬᠠᠳᠠᠭᠴᠢ᠄ ᠱᠠᠷᠠᠶ᠋ᠢᠳ· ᠭᠡᠷᠡᠯ
     ᠦᠰᠦᠭ ᠠᠮᠢᠯᠠᠭᠤᠯᠤᠭᠴᠢ᠄ ᠪᠦᠷᠢᠨᠵᠢᠷᠭᠠᠯ
     ᠬᠢᠨᠠᠭᠴᠢ᠄ ᠣᠳᠬᠣᠩᠬᠤᠸᠠᠷ