1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠬᠡᠷ ᠊ᠤᠨ ᠠᠮᠠᠨ ᠬᠦᠵᠦᠭᠦᠨ ᠪ ᠤᠯᠠᠮᠵᠢᠯᠠᠯᠲᠤ ᠢᠷᠥᠭᠡᠯ-ᠬᠡᠷᠡᠶ᠋ᠢᠳ ᠨᠠᠷᠠᠰᠤ Үхрийн аман хүзүүний уламжлалт ерөөл-Хэрэйд Нарс

ᠦᠬᠡᠷ ᠊ᠤᠨ ᠠᠮᠠᠨ ᠬᠦᠵᠦᠭᠦᠨ ᠪ ᠤᠯᠠᠮᠵᠢᠯᠠᠯᠲᠤ ᠢᠷᠥᠭᠡᠯ-ᠬᠡᠷᠡᠶ᠋ᠢᠳ ᠨᠠᠷᠠᠰᠤ Үхрийн аман хүзүүний уламжлалт ерөөл-Хэрэйд Нарс

2025-01-20

705

ᠦᠬᠡᠷ ᠦ᠋ᠨ ᠠᠮᠠᠨ ᠬᠦᠵᠦᠭᠦᠨ ᠦ᠌ ᠤᠯᠠᠮᠵᠢᠯᠠᠯᠲᠤ ᠢᠷᠦᠭᠡᠯ

ᠤᠸᠮ ᠠ᠋ ᠬᠣᠩ ! ᠤᠸᠮ ᠠ᠋ ᠬᠣᠩ ! 
ᠤᠸᠮ ᠰᠠᠢᠨ ᠠᠮᠤᠭᠤᠯᠠᠩ ᠲᠠᠨ ᠪᠣᠯᠲᠤᠭᠠᠢ! 
ᠠᠷᠤ ᠭᠠᠵᠠᠷ ᠠ᠋ᠴᠠ ᠤᠷᠭᠤᠭᠰᠠᠨ ᠠᠮᠠᠨ ᠬᠦᠵᠦᠭᠦᠦ 
ᠠᠷᠴᠠ ᠬᠦᠵᠢ ᠪᠡᠷ ᠲᠠᠬᠢᠬᠰᠠᠨ ᠠᠮᠠᠨ ᠬᠦᠵᠦᠭᠦᠦ 
ᠥᠪᠥᠷ ᠭᠠᠵᠠᠷ ᠠ᠋ᠴᠠ ᠤᠷᠭᠤᠭᠰᠠᠨ ᠠᠮᠠᠨ ᠬᠦᠵᠦᠭᠦᠦ 
ᠥᠭᠡᠬᠦ ᠲᠣᠰᠣ ᠪᠠᠷ ᠴᠢᠮᠡᠵᠦ ᠳᠠᠬᠢᠬᠰᠠᠨ ᠠᠮᠠᠨ ᠬᠦᠵᠦᠭᠦᠦ 
ᠬᠥᠭᠡᠭᠡᠭᠰᠡᠨ ᠭᠠᠵᠠᠷ ᠠ᠋ᠴᠠ ᠪᠠᠨ ᠬᠦᠷᠡᠩ ᠨᠦ᠍ᠭᠦᠳ ᠢ᠋ᠶ᠋ᠡᠷ ᠲᠣᠭᠯᠠᠵᠤ 
ᠪᠠᠷᠢᠭᠰᠠᠨ ᠭᠠᠵᠠᠷ ᠳᠡᠭᠡᠷ᠎ᠡ ᠨᠢ ᠪᠣᠷᠣ ᠨᠤᠭᠤᠳ ᠢ᠋ᠶ᠋ᠠᠷ ᠲᠣᠭᠯᠠᠵᠤ 
ᠤᠶᠠᠭᠰᠠᠨ ᠭᠠᠵᠠᠷ ᠳᠡᠭᠡᠷ᠎ᠡ ᠨᠢ
ᠤᠯᠠᠭᠠᠨ ᠠᠯᠠᠭ ᠢ᠋ᠶ᠋ᠠᠷ ᠲᠣᠭᠯᠠᠵᠤ 
ᠠᠯᠠᠭᠰᠠᠨ ᠭᠠᠵᠠᠷ ᠳᠡᠭᠡᠷ᠎ᠡ ᠨᠢ
ᠠᠯᠠᠭ  ᠲᠠᠷᠯᠠᠨ ᠢ᠋ᠶ᠋ᠠᠷ ᠲᠣᠭᠯᠠᠵᠤ
ᠪᠣᠯᠤᠶ᠎ᠠ ᠭᠡᠰᠡᠨ ᠪᠣᠭᠣᠨᠢ
ᠪᠦᠲᠦᠶ᠎ᠡ ᠭᠡᠰᠡᠨ ᠪᠦᠳᠦᠷᠬᠡᠢ ①
ᠰᠦᠷ ᠭᠡᠬᠦ ᠰᠦᠨᠡᠰᠦ ᠨᠢ
ᠰᠦᠺᠡᠸᠠᠳᠢ ᠶ᠋ᠢᠨ ᠣᠷᠣᠨ ᠳ᠋ᠤ᠌ ᠬᠦᠷᠬᠦ ᠪᠣᠯᠲᠤᠭᠠᠢ!  ᠡᠷᠭᠢᠵᠦ ᠢᠵᠢᠯᠢ ᠰᠦᠷᠦᠭ ᠲᠡᠭᠡᠨ ᠢᠷᠡᠵᠦ 
ᠮᠢᠯᠠᠩ ᠡᠪᠡᠷ ᠲᠡᠢ ᠨᠢ
ᠮᠢᠩᠭ᠎ᠠ ᠲᠦᠮᠡ ᠪᠡᠷ ᠦᠷᠡᠵᠢᠬᠦ ᠪᠣᠯᠲᠤᠭᠠᠢ! 
ᠲᠦᠷᠦᠭᠦᠯᠡ ᠡᠪᠡᠷ ᠲᠡᠢ ᠨᠢ
ᠲᠦᠮᠡ ᠪᠣᠯᠤᠨ ᠦᠷᠡᠵᠢᠬᠦ ᠪᠣᠯᠲᠤᠭᠠᠢ!
ᠲᠡᠷᠡ ᠪᠡᠯᠭᠡ ᠪᠡᠷ ᠪᠣᠯᠲᠤᠭᠠᠢ!
※ᠡᠨᠡᠬᠦ ᠢᠷᠦᠭᠡᠯ ᠢ᠋ ᠣᠷᠳᠣᠰ ᠤ᠋ᠨ ᠦᠦᠰᠢᠨ ᠬᠣᠰᠢᠭᠤᠨ ᠤ᠋ ᠲᠤᠭ ᠪᠠᠯᠭᠠᠰᠤᠨ ᠤ᠋ ᠪᠠᠶᠠᠨᠨᠠᠭᠤᠷ ᠤ᠋ᠨ ᠪᠠᠭᠠᠵᠢᠳᠠᠢ ᠳ᠋ᠤ᠌ ᠨᠤᠲᠤᠭ ᠲᠠᠢ ᠠᠬᠠᠮᠠᠳ ᠠᠭᠤᠯ ᠬᠣᠨᠵᠢᠨ84 ᠨᠠᠰᠤᠲᠠᠢ ᠰᠡᠳᠢᠪᠠᠶᠠᠷ ᠶᠠᠷᠢᠵᠤ ᠪᠠ᠊᠂ ᠬᠡᠢᠷᠦᠪ ᠲᠡᠮᠳᠡᠭᠯᠡᠨ ᠠᠪᠤᠪᠠ᠃ ᠲᠡᠷᠡ ᠪᠠᠰᠠ ᠬᠡᠯᠡᠭᠰᠡᠨ ᠨᠢ《 ᠰᠢᠨ᠎ᠡ ᠳᠤᠮᠳᠠᠳᠤ ᠤᠯᠤᠰ ᠮᠡᠨᠳᠦᠯᠡᠬᠦ ᠡᠴᠡ ᠡᠮᠦᠨ᠎ᠡ ᠼᠦᠩᠺᠠᠤ᠎ᠠ ᠶ᠋ᠢᠨ ᠬᠣᠷᠢᠨ ᠲᠠᠪᠤᠨ②ᠥᠩᠭᠡᠷᠡᠭᠰᠡᠭᠡᠷ᠂ ᠥᠭᠡᠷ᠎ᠡ ᠪᠡᠷ ᠬᠡᠯᠡᠪᠡᠯ ᠡᠪᠦᠯ ᠦ᠋ᠨ ᠶᠡᠬᠡ ᠴᠠᠰᠤ ᠭᠥᠷᠥᠭᠰᠡᠭᠡᠷ ᠮᠠᠨ ᠤ᠋ ᠨᠤᠲᠤᠭ ᠤ᠋ᠨ ᠮᠣᠩᠭᠣᠯᠴᠤᠳ ᠦᠬᠡᠷ ᠦᠭᠦᠴᠡ ᠭᠠᠷᠭᠠᠳᠠᠭ ᠪᠣᠯᠬᠣᠷ ᠮᠠᠨ ᠤ᠋ ᠵᠡᠷᠭᠡᠯᠡᠳᠡᠭᠡ ᠠᠢᠯ ᠠᠢᠮᠠᠭ ᠤ᠋ᠨ ᠬᠢᠨ ᠦᠬᠡᠷ ᠦᠭᠦᠴᠡ ᠭᠠᠷᠭᠠᠭᠰᠠᠭᠠᠷ ᠨᠠᠮᠠᠶ᠋ᠢ ᠤᠷᠢᠵᠤ ᠠᠮᠠᠨ ᠬᠦᠵᠦᠭᠦᠦ ᠢᠷᠦᠭᠡᠯᠭᠡᠵᠦ ᠭᠠᠯ ᠳᠠᠬᠢᠳᠠᠭ ᠪᠠᠢᠭᠰᠠᠨ ᠶᠤᠮ᠃ ᠡᠨᠡ ᠪᠣᠯ ᠲᠡᠷᠡ ᠦᠶᠡᠰ ᠦ᠋ᠨ ᠮᠢᠨᠦ ᠢᠷᠥᠭᠡᠵᠦ ᠪᠠᠢᠭᠰᠠᠨ ᠢᠷᠦᠭᠡᠯ ᠪᠣᠯᠤᠨ᠎ᠠ᠃ ᠭᠠᠯ ᠲᠠᠬᠢᠬᠤ ᠳ᠋ᠠᠭᠠᠨ ᠠᠮᠠᠨ ᠬᠦᠵᠦᠭᠦᠦ ᠪᠣᠭᠣᠨᠢ ᠬᠠᠪᠢᠰᠤ᠂ ᠪᠦᠳᠦᠷᠬᠡᠢ᠂ ᠠᠷᠴᠠ ᠬᠦᠵᠢ᠂ ᠴᠢᠪᠠᠭ᠎ᠠ ᠨᠡᠢᠯᠡᠭᠦᠯᠦᠨ ᠭᠦᠵᠡᠭᠡᠨ ᠦ᠌ ᠰᠡᠮᠡᠵᠡᠨ ᠥᠭᠡᠬᠦ ᠪᠡᠷ ᠴᠤᠭᠯᠠᠵᠤ ᠭᠠᠯ ᠢ᠋ᠶ᠋ᠠᠨ ᠨᠣᠴᠣᠭᠠᠵᠤ ᠳᠠᠬᠢᠳᠠᠭ ᠪᠥᠭᠡᠳ ᠪᠠᠰᠠ ᠲᠠᠬᠢᠯ ᠤ᠋ᠨ ᠮᠢᠬᠠᠨ ᠤ᠋ ᠲᠣᠰᠣ ᠲᠠᠢ ᠱᠥᠯᠥ ᠪᠣᠯᠤᠨ ᠠᠷᠢᠬᠢ ᠬᠣᠯᠢᠵᠤ ᠰᠡᠷᠵᠢᠮ ᠪᠣᠯᠭᠠᠨ ᠭᠠᠯ ᠳ᠋ᠠᠭᠠᠨ ᠭᠤᠷᠪᠠ ᠤᠳᠠᠭ᠎ᠠ ᠳᠣᠰᠣᠭᠠᠳᠠᠭ ᠭᠡᠨ᠎ᠡ᠃》① ᠡᠪᠴᠢᠭᠦᠨ ᠦ᠌ ᠲᠦᠷᠦᠭᠦᠦ ᠶ᠋ᠢᠨ ᠶᠠᠰᠤ᠃ ② ᠪᠢᠯᠢᠭ ᠦ᠋ᠨ ᠤᠯᠠᠷᠢᠯ ᠤ᠋ᠨ ᠠᠷᠪᠠᠳᠤᠭᠠᠷ ᠰᠠᠷ᠎ᠠ ᠶ᠋ᠢᠨ25 ᠶ᠋ᠢ ᠬᠡᠯᠡᠵᠦ ᠪᠣᠢ᠃ 2012 ᠣᠨ ᠤ᠋6 ᠰᠠᠷ᠎ᠠ ᠶ᠋ᠢᠨ1 ᠦ᠌ ᠡᠳᠦᠷ ᠲᠡᠮᠳᠡᠭᠯᠡᠪᠡ᠃ 
   ᠦᠰᠦᠭ ᠠᠮᠢᠯᠠᠭᠤᠯᠤᠭᠴᠢ᠄  ᠬᠡᠷᠡᠢᠳ ᠵᠤᠯᠵᠢᠷᠭᠠᠯ᠂
   ᠦᠰᠦᠭ ᠬᠠᠲᠠᠵᠤ᠂ ᠤᠶᠠᠩᠭᠠᠯᠠᠭᠴᠢ᠄ ᠬᠡᠷᠡᠢᠳ ᠨᠠᠷᠠᠰᠤ
   ᠬᠢᠨᠠᠭᠴᠢ᠄  ᠨᠠᠷᠠᠨ᠂ ᠣᠳᠬᠠᠨᠰᠣ᠎ᠠ