ᠪᠡᠭᠡᠵᠢᠩ ᠯᠠᠮᠠ -ᠯᠢ ᠱᠣᠸᠠᠩᠰᠢБээжин лам-Ли Шованш
ᠪᠡᠭᠡᠵᠢᠩ ᠯᠠᠮᠠ
ᠬᠣᠷᠴᠢᠨ ᠤ᠋ ᠦᠯᠢᠭᠡᠷᠲᠦ ᠠᠷᠠᠳ ᠤ᠋ᠨ ᠳᠠᠭᠤᠤ
ᠯᠢ ᠱᠣᠸᠠᠩᠰᠢ ᠳᠠᠭᠤᠯᠠᠪᠠ
ᠡᠷᠦᠬᠡ ᠶ᠋ᠢᠨ ᠡᠵᠡᠨ ᠬᠣᠷᠯᠣ ᠨᠣᠶᠠᠨ ᠠᠪᠴᠠᠭ᠎ᠠ ᠥᠭᠴᠡᠭᠡ ᠳ᠋ᠦ᠍ ᠪᠡᠨ ᠭᠠᠷᠤᠭᠠᠳ ᠶᠢᠰᠦ ᠠᠷᠪᠠᠨ ᠡᠳᠦᠷ ᠪᠣᠯᠵᠠᠢ᠃ ᠡᠷᠦᠬᠡ ᠭᠡᠷ ᠲᠦ᠍ ᠪᠡᠨ ᠡᠷᠭᠢᠵᠦ ᠢᠷᠡᠭᠡᠳᠦᠢ᠂ ᠠᠳᠠᠯ ᠳ᠋ᠠᠭᠠᠨ ᠬᠣᠴᠣᠷᠤᠭᠰᠠᠨ ᠠᠪᠤᠭᠰᠠᠨ ᠡᠬᠡᠨᠡᠷ ᠨᠢ ᠵᠢᠦ ᠶᠦᠸᠧ᠂ ᠡᠷᠲᠡ ᠪᠣᠰᠤᠭᠠᠳ ᠥᠮᠥᠳᠥ ᠳᠡᠪᠡᠯ ᠢ᠋ᠶ᠋ᠡᠨ ᠡᠮᠦᠰᠴᠦ ᠪᠠᠢᠭᠠᠳ ᠡᠨᠡ ᠰᠥᠨᠢ ᠶ᠋ᠢᠨ ᠵᠡᠭᠦᠳᠦᠯᠡᠭᠰᠡᠨ ᠵᠡᠭᠦᠳᠦ ᠭᠡᠳ ᠡᠰᠢ ᠲᠠᠰᠢ ᠦᠵᠡᠬᠦ ᠳ᠋ᠦ᠍ ᠬᠥᠮᠦᠨ ᠦᠭᠡᠢ᠂ ᠶᠠᠪᠤᠭ᠎ᠠ ᠴᠠᠭᠠᠰᠢ ᠪᠠᠨ~ ᠪᠢ ᠨᠢᠭᠡ ᠵᠡᠭᠦᠳᠦ ᠪᠡᠨ ᠬᠡᠯᠡᠴᠢᠬᠡᠶ᠎ᠡ ᠭᠡᠳ ᠬᠡᠯᠡᠵᠦ ᠪᠠᠢᠨ᠎ᠠ᠂
ᠬᠠᠢ ᠨᠠᠨ ᠭᠠᠵᠠᠷ ᠤ᠋ᠨ ᠬᠤᠸᠠᠷ ᠪᠣᠯᠤᠨ ᠴᠡᠴᠡᠭ ᠢ᠋ ᠪᠡᠨ ᠬᠦᠢ
ᠬᠤᠷ᠎ᠠ ᠪᠣᠷᠣᠭᠠᠨ ᠢ᠋ᠶ᠋ᠠᠨ ᠦᠵᠡᠭᠡᠳ ᠪᠢ ᠳᠡ ᠳᠡᠯᠭᠡᠷᠡᠵᠡᠢ ᠭᠡᠵᠦ ᠵᠡᠭᠦᠳᠦᠯᠡᠪᠡ ᠬᠦᠢ
ᠬᠠᠭᠠᠨ ᠤ᠋ ᠰᠢᠦ ᠲᠥᠷᠥᠯ ᠰᠠᠨ ᠶᠧ ᠨᠣᠶᠠᠨ ᠢ᠋ᠶ᠋ᠠᠨ ᠬᠦᠢ
ᠬᠠᠷ᠎ᠠ ᠵᠢᠷᠣᠭ᠎ᠠ ᠮᠣᠷᠢ ᠶ᠋ᠢ ᠪᠡᠨ ᠤᠨᠤᠭᠠᠳ ᠢᠷᠡᠵᠡᠢ ᠭᠡᠮᠡᠨ ᠵᠡᠭᠦᠳᠦᠯᠡᠪᠡ
ᠡᠮᠦᠨ᠎ᠡ ᠬᠠᠰᠢᠶᠠᠨ ᠤ᠋ ᠥᠩᠭᠡ ᠪᠦᠷᠢ ᠶ᠋ᠢᠨ ᠬᠤᠸᠠᠷ ᠢ᠋ ᠪᠡᠨ ᠬᠦᠢ
ᠡᠳᠦᠷ ᠦ᠋ᠨ ᠨᠠᠷᠠᠨ ᠲᠡᠩᠨᠡᠭᠡᠳ ᠪᠢ ᠳᠡ ᠳᠡᠯᠭᠡᠷᠡᠵᠡᠢ ᠭᠡᠮᠡᠨ ᠵᠡᠭᠦᠳᠦᠯᠡᠪᠡ ᠬᠦᠢ
ᠡᠵᠡᠨ ᠦ᠌ ᠲᠥᠷᠥᠯ ᠰᠠᠨ ᠶᠧ ᠨᠣᠶᠠᠨ ᠢ᠋ ᠪᠡᠨ ᠬᠦᠢ
ᠦᠷᠢᠶ᠎ᠡ ᠬᠦᠯᠦᠭ ᠮᠣᠷᠢ ᠶ᠋ᠢ ᠪᠡᠨ ᠤᠨᠤᠭᠠᠳ ᠢᠷᠡᠵᠡᠢ ᠭᠡᠮᠡᠨ ᠵᠡᠭᠦᠳᠦᠯᠡᠪᠡ ᠬᠦᠢ
ᠡᠭᠦᠨ ᠢ᠋ᠶ᠋ᠡᠨ ᠬᠡᠯᠡᠭᠡᠳ ᠵᠢᠦ ᠶᠦᠸᠧ ᠰᠠᠶᠢ ᠥᠨᠳᠡᠢᠭᠡᠳ ᠪᠣᠰᠬᠤ ᠳ᠋ᠤ᠌ ᠴᠣᠩᠬᠣᠨ ᠤ᠋ ᠤᠭ ᠢ᠋ᠶ᠋ᠠᠷ ᠪᠠᠷ᠎ᠠ ᠬᠠᠷᠠᠭᠠᠳ ᠦᠵᠡᠬᠦᠯ᠎ᠡ ᠰᠢᠪ ᠰᠢᠷᠠᠯᠬᠠᠨ ᠨᠢᠭᠡ ᠶᠠᠭᠤᠮ᠎ᠠ ᠪᠠᠢᠨ᠎ᠠ᠂ ᠰᠠᠢᠬᠠᠨ ᠥᠨᠳᠡᠢᠭᠡᠳ ᠦᠵᠡᠨ᠎ᠡ ᠭᠡᠯᠡᠢ ᠂ ᠡᠶ᠎ᠡ ! ᠡᠢᠰᠢ ᠲᠠᠢᠰᠢ ᠶᠠᠪᠤᠬᠤ ᠳ᠋ᠤ᠌ ᠢᠯᠠᠩ ᠠᠯᠠᠩ ᠭᠡᠳ ᠪᠠᠭᠤᠬᠤ ᠪᠡᠭᠡᠵᠢᠩ ᠯᠠᠮᠠ ᠢᠷᠡᠴᠢᠬᠡᠭᠡᠳ ᠳᠠᠪ ᠳᠠᠯᠵᠢᠢᠭᠠᠳ ᠲᠠᠷᠢᠶᠠᠨ ᠳ᠋ᠤ᠌ ᠣᠷᠣᠭᠰᠠᠨ ᠭᠠᠬᠠᠢ ᠠᠳᠠᠯᠢ ᠳᠠᠯᠤ ᠪᠠᠷ ᠢ᠋ᠶ᠋ᠠᠨ ᠴᠢᠩᠨᠠᠭᠠᠳ ᠪᠠᠢᠵᠠᠢ ᠂ᠵᠢᠦ ᠶᠦᠸᠧ ᠦᠵᠡᠭᠡᠳ ᠢᠨᠢᠶᠡᠴᠡᠭᠡᠵᠡᠢ ᠃ 《 ᠬᠦᠢ ᠯᠠᠮᠠ ᠠ᠋ ! ᠴᠢ ᠶᠠᠭᠤᠨ ᠤ᠋ ᠴᠣᠩᠬᠣ ᠶ᠋ᠢᠨ ᠬᠣᠭᠣᠷᠣᠨᠳᠣ ᠱᠣᠯᠣᠢᠭᠠᠳ ᠵᠣᠭᠰᠣᠭᠰᠠᠨ ᠶᠤᠮ ᠳᠠ! ᠣᠷᠣᠭᠠᠳ ᠢᠷᠡᠴᠢᠬᠡ ᠳᠡ 》 ᠪᠡᠭᠡᠵᠢᠩ ᠯᠠᠮᠠ ᠡᠭᠦᠳᠡ ᠶ᠋ᠢ ᠲᠦᠯᠬᠢᠭᠡᠳ ᠣᠷᠣᠵᠤ ᠢᠷᠭᠡᠳ ᠂ ᠡᠷᠲᠡᠩ ᠠᠷᠲᠩ ᠭᠡᠳ ᠦᠵᠦᠭᠦᠷ ᠦᠭᠡᠢ ᠶᠡᠬᠡ ᠰᠠᠪᠠᠵᠤ ᠵᠠᠨᠴᠢᠭᠠᠳ ᠶᠠᠭ ᠪᠣᠯᠬᠤ ᠦᠭᠡᠢ ᠰᠢᠦ ᠂ ᠢᠩᠭᠢᠲᠡᠯ᠎ᠡ ᠵᠢᠦ ᠶᠦᠸᠧ ᠬᠡᠯᠡᠵᠦ ᠪᠠᠢᠨ᠎ᠠ 《 ᠴᠢ ᠂ ᠶᠠᠭᠠᠬᠢᠴᠢᠬᠠᠭᠰᠠᠨ ᠪᠣᠢ? ᠶᠠᠭᠠᠬᠢᠵᠤ ᠠᠭᠠᠰᠢᠯᠠᠵᠤ ᠪᠠᠢᠬᠤ ᠶᠤᠮ 》 ᠭᠡᠰᠡᠨ ᠳ᠋ᠦ᠍ 《 ᠪᠣᠯᠵᠠᠢ ᠴᠢ ᠭᠠᠭᠴᠠ ᠵᠡᠭᠦᠳᠦᠯᠡᠭᠰᠡᠨ ᠶᠦᠮ ᠤᠤ? ᠪᠢ ᠪᠠᠰᠠ ᠵᠡᠭᠦᠳᠦᠯᠡᠵᠡᠢ 》ᠭᠡᠬᠦ ᠳ᠋ᠦ᠍ 《 ᠦᠭᠡᠢ᠂ ᠴᠢ ᠵᠡᠭᠦᠳᠦᠯᠡᠭᠰᠡᠨ ᠪᠣᠯ ᠴᠢ ᠪᠠᠰᠠ ᠵᠡᠭᠦᠳᠦ ᠪᠡᠨ ᠬᠡᠯᠡᠴᠢᠬᠡ ᠳᠡ!》 ᠭᠡᠰᠡᠨ ᠳ᠋ᠦ᠍ ᠬᠡᠯᠡᠴᠢᠬᠡᠶ᠎ᠡ ᠭᠡᠳ ᠬᠡᠯᠡᠵᠦ ᠪᠠᠢᠨ᠎ᠠ᠂
ᠬᠠᠢ ᠨᠠᠨ ᠭᠠᠵᠠᠷ ᠤ᠋ᠨ ᠬᠤᠸᠠᠷ ᠪᠣᠯᠤᠨ ᠴᠡᠴᠡᠭ ᠢ᠋ ᠴᠢᠨᠢ ᠠ᠋ ᠬᠦᠢ
ᠬᠠᠯᠭᠤᠨ ᠨᠠᠷᠠᠨ ᠳ᠋ᠤ᠌ ᠰᠢᠷᠠᠭᠳᠠᠭᠠᠳ ᠰᠢᠲᠠᠵᠤ ᠦᠬᠦᠵᠦ ᠭᠡᠮᠡᠨ ᠵᠡᠭᠦᠳᠦᠯᠡᠪᠡ ᠬᠦᠢ
ᠬᠠᠭᠠᠨ ᠤ᠋ ᠲᠥᠷᠥᠯ ᠰᠠᠨ ᠶᠧ ᠨᠣᠶᠠᠨ ᠢ᠋ ᠴᠢᠨᠢ ᠳᠡ
ᠬᠠᠷ᠎ᠠ ᠵᠢᠷᠣᠭ᠎ᠠ ᠮᠣᠷᠢᠨ ᠳ᠋ᠤ᠌ ᠪᠠᠨ ᠪᠢ ᠴᠢᠷᠦᠭᠳᠡᠵᠦ ᠦᠬᠦᠵᠦ ᠭᠡᠮᠡᠨ ᠵᠡᠭᠦᠳᠦᠯᠡᠪᠡ
ᠡᠮᠦᠨ᠎ᠡ ᠬᠠᠰᠢᠶᠠᠨ ᠤ᠋ ᠴᠢᠨᠢ ᠬᠤᠸᠠᠷ ᠪᠣᠯᠤᠨ ᠴᠡᠴᠡᠭ ᠢ᠋ ᠴᠢᠨᠢ ᠠ᠋ ᠬᠦᠢ
ᠡᠳᠦᠷ ᠦ᠋ᠨ ᠨᠠᠷᠠᠨ ᠠᠬᠠᠳᠠᠭᠠᠳ ᠪᠢ ᠳᠡ ᠦᠬᠦᠰᠢᠷᠡᠵᠦ ᠭᠡᠮᠡᠨ ᠵᠡᠭᠦᠳᠦᠯᠡᠪᠡ
ᠡᠵᠡᠨ ᠦ᠌ ᠴᠢᠨᠢ ᠲᠥᠷᠥᠯ ᠰᠠᠨ ᠶᠧ ᠴᠦ᠍ ᠨᠣᠶᠠᠨ ᠢ᠋ ᠴᠢᠨᠢ
ᠦᠷᠢᠶ᠎ᠡ ᠬᠦᠯᠦᠭ ᠮᠣᠷᠢᠨ ᠳ᠋ᠤ᠌ ᠪᠠᠨ ᠪᠢ ᠴᠢᠷᠦᠭᠳᠡᠵᠦ ᠦᠬᠦᠵᠦ ᠭᠡᠮᠡᠨ ᠵᠡᠭᠦᠳᠦᠯᠡᠪᠡ
ᠡᠨᠡ ᠦᠭᠡ ᠶ᠋ᠢ ᠰᠣᠨᠣᠰᠤᠭᠠᠳ ᠵᠢᠦ ᠶᠦᠸᠧ ᠢᠨᠢᠶᠡᠴᠡᠵᠡᠢ 《 ᠪᠡᠭᠡᠵᠢᠩ ᠵᠠ! ᠴᠢ ᠮᠢᠨᠦ ᠦᠭᠡ ᠶ᠋ᠢ ᠲᠦᠭᠦᠷᠡᠬᠦ ᠦᠭᠡᠢ ᠪᠠᠢᠨ᠎ᠠ ᠂ ᠴᠢ ᠨᠠᠰᠢ ᠪᠠᠨ ᠰᠠᠭᠤᠴᠢᠬ᠎ᠠ 》 ᠭᠡᠳ ᠠᠷᠭᠠᠯᠠᠭᠠᠳ ᠬᠡᠯᠡᠵᠦ ᠪᠠᠢᠨ᠎ᠠ ᠭᠡᠨ᠎ᠡ᠃
ᠰᠢᠷᠠᠯᠠᠭᠠᠳ ᠯᠠ ᠢᠷᠬᠦ ᠶ᠋ᠢ ᠴᠢᠨᠢ ᠳᠡ ᠦᠵᠡᠭᠰᠡᠨ ᠶᠦᠮ ᠰᠢᠦ ᠪᠡᠭᠡᠵᠢᠩ ᠵᠠ ᠠ᠋ ᠬᠦᠢ
ᠰᠠᠨᠠᠭ᠎ᠠ ᠴᠤ᠌ ᠪᠣᠯᠤᠭᠠᠳ ᠰᠡᠳᠬᠢᠯ ᠬᠣᠶᠠᠷ ᠢ᠋ ᠲᠡᠩᠰᠡᠶᠡ ᠭᠡᠮᠡᠨ ᠰᠠᠨᠠᠭᠰᠠᠨ ᠶᠤᠮ ᠠ᠋ ᠬᠦᠢ
ᠰᠠᠪᠠᠭ᠎ᠠ ᠴᠤ᠌ ᠦᠭᠡᠢ ᠶᠠᠭᠤᠮᠠᠨ ᠳ᠋ᠤ᠌ ᠴᠢ ᠳᠡ ᠰᠠᠪᠠᠵᠤ ᠵᠠᠨᠴᠢᠭᠠᠳ ᠶᠠᠭᠤ ᠪᠠᠢᠨ᠎ᠠ ᠳᠠ
ᠰᠠᠨᠠᠭᠠᠳ ᠯᠠ ᠪᠣᠳᠣᠭᠰᠠᠨ ᠬᠡᠳᠦᠨ ᠦᠭᠡ ᠶ᠋ᠢ ᠪᠡᠨ ᠬᠡᠯᠡᠯᠴᠡᠵᠦ ᠰᠠᠭᠤᠶ᠎ᠠ ᠳᠠ ᠪᠣᠯᠬᠤ ᠦᠭᠡᠢ ᠤᠤ ᠳᠠ
ᠪᠣᠷᠣᠯᠠᠭᠠᠳ ᠯᠠ ᠢᠷᠬᠦ ᠶ᠋ᠢ ᠴᠢᠨᠢ ᠳᠡ ᠦᠵᠡᠭᠰᠡᠨ ᠶᠦᠮ ᠰᠢᠦ ᠪᠡᠭᠡᠵᠢᠩ ᠯᠠᠮᠠ ᠠ᠋ ᠬᠦᠢ
ᠪᠣᠳᠣᠯᠭ᠎ᠠ ᠪᠣᠯᠤᠭᠠᠳ ᠰᠠᠨᠠᠭ᠎ᠠ ᠲᠠᠢ ᠬᠣᠶᠠᠷ ᠢ᠋ ᠲᠡᠩᠰᠡᠶᠡ ᠭᠡᠮᠡᠨ ᠰᠠᠨᠠᠭᠰᠠᠨ ᠶᠤᠮ ᠠ᠋ ᠬᠦᠢ
ᠪᠣᠯᠣᠰᠢ ᠦᠭᠡᠢ ᠶᠠᠭᠤᠮᠠᠨ ᠳ᠋ᠤ᠌ ᠴᠢ ᠳᠡ ᠪᠤᠷᠤᠭᠤᠰᠢ ᠪᠠᠨ ᠬᠠᠨᠳᠤᠭᠠᠳ ᠶᠠᠭᠤ ᠪᠠᠢᠨ᠎ᠠ
ᠪᠣᠳᠣᠭᠠᠳ ᠯᠠ ᠰᠠᠨᠠᠭᠰᠠᠨ ᠤᠴᠢᠷ ᠪᠠᠢᠪᠠᠯ ᠯᠠ ᠬᠡᠯᠡᠯᠴᠡᠵᠦ ᠰᠠᠭᠤᠶ᠎ᠠ ᠳᠠ ᠬᠣᠶᠠᠭᠤᠯᠠ ᠪᠠᠨ
ᠬᠡᠦᠬᠡᠳ ᠢ᠋ ᠠᠷᠭᠠᠯᠠᠵᠤ ᠪᠠᠢᠬᠤ ᠠᠳᠠᠯᠢ᠂ ᠵᠢᠦ ᠶᠦᠸᠧ ᠲᠡᠭᠦᠨ ᠢ᠋ ᠴᠢᠨᠢ ᠠᠷᠭᠠᠯᠠᠭᠠᠳ ᠠᠪᠴᠢᠬᠠᠬᠤ ᠦᠭᠡᠢ ᠤᠤ ᠳᠠ ᠂ ᠪᠡᠭᠡᠵᠢᠩ ᠯᠠᠮᠠ ᠪᠣᠯᠤᠨ᠎ᠠ ᠭᠡᠳ ᠦᠵᠦᠭᠦᠷ ᠦᠭᠡᠢ᠂ ᠡᠷᠲᠡᠩ ᠭᠡᠳ ᠬᠠᠨᠵᠤᠨ ᠳᠡᠭᠡᠷ᠎ᠡ ᠭᠠᠷᠤᠭᠠᠳ ᠰᠢᠷᠡᠭᠡ ᠬᠠᠪᠴᠢᠭᠠᠳ ᠬᠣᠶᠠᠭᠤᠯᠠ ᠪᠠᠨ ᠰᠠᠶᠢ ᠨᠢᠭᠡ ᠴᠣᠮᠣ ᠤᠰᠤ ᠤᠤᠭᠤᠲᠠᠯᠠ ᠭᠡᠨᠡᠳᠲᠡ ᠭᠠᠳᠠᠨ᠎ᠠ ᠮᠣᠷᠢᠨ ᠲᠤᠭᠤᠷᠠᠢ ᠶ᠋ᠢᠨ ᠳᠠᠭᠤ ᠭᠠᠷᠴᠤ ᠂ ᠮᠣᠷᠢᠨ ᠲᠤᠭᠤᠷᠠᠢ ᠶ᠋ᠢᠨ ᠳᠠᠭᠤ ᠪᠠᠷ ᠵᠢᠦ ᠶᠦᠸᠧ ᠮᠡᠩᠳᠡᠭᠦᠷᠡᠴᠢᠬᠡᠬᠦ ᠦᠭᠡᠢ ᠤᠤ ? ᠴᠣᠩᠬᠣ ᠪᠠᠷ ᠢ᠋ᠶ᠋ᠠᠨ ᠥᠨᠳᠡᠢᠭᠡᠳ ᠰᠠᠢᠬᠠᠨ ᠪᠠᠷ᠎ᠠ ᠬᠠᠷᠠᠭᠠᠳ ᠦᠵᠡᠬᠦᠯ᠎ᠡ ᠂ ᠪᠠᠷᠠᠪᠠ! ᠬᠡᠯᠡᠵᠦ ᠪᠠᠢᠲᠠᠯ᠎ᠠ ᠪᠠᠢᠵᠤ ᠤᠤ ᠳᠠ! ᠰᠠᠭᠰᠠᠭᠠᠷ ᠰᠠᠨ ᠶᠧ ᠨᠣᠶᠠᠨ ᠬᠠᠷ᠎ᠠ ᠵᠢᠷᠣᠭ᠎ᠠ ᠮᠣᠷᠢ ᠤᠨᠤᠭᠠᠳ᠂ ᠬᠣᠶᠠᠷ ᠰᠢᠶᠠᠽᠢ ᠰᠤᠢᠷᠠᠭᠠᠳ ᠬᠦᠷᠦᠭᠡᠳ ᠢᠷᠡᠵᠡᠢ ᠃ ᠪᠠᠷᠠᠵᠠᠢ ᠯᠠᠮᠠ ᠂ᠰᠠᠭᠰᠠᠭᠠᠷ ᠰᠠᠨ ᠶᠧ ᠨᠣᠶᠠᠨ ᠬᠦᠷᠦᠭᠡᠳ ᠢᠷᠡᠭᠰᠡᠨ ᠦᠭᠡᠢ ᠤᠤ ᠳᠠ ? ᠪᠡᠭᠡᠵᠢᠩ ᠯᠠᠮᠠ ᠦᠵᠡᠬᠦ ᠦᠭᠡᠢ ᠪᠣᠯᠬᠤᠯᠠᠷ ᠠᠷᠤ ᠳ᠋ᠤ᠌ ᠨᠢ ᠡᠯᠳᠡᠪ ᠢ᠋ᠶ᠋ᠡᠷ ᠬᠡᠯᠡᠵᠦ ᠪᠠᠢᠭᠰᠠᠨ ᠠ᠋ᠴᠠ ᠪᠢᠰᠢ᠂ ᠦᠨᠡᠬᠡᠷ ᠬᠦᠷᠦᠭᠡᠳ ᠢᠷᠡᠬᠦᠯᠡᠷ ᠣᠳᠣ ᠭᠠᠢᠬᠠᠵᠠᠢ᠂ ᠣᠷᠣᠬᠤ ᠭᠠᠵᠠᠷ ᠢ᠋ᠶ᠋ᠠᠨ ᠣᠯᠬᠤ ᠦᠭᠡᠢ ᠯᠡ᠂ ᠢᠯᠠᠩ ᠠᠯᠠᠩ ᠢ᠋ᠶ᠋ᠠᠨ ᠠᠯᠳᠠᠷᠠᠭᠠᠳ ᠡᠭᠦᠳᠡ ᠪᠡᠷ ᠭᠠᠷᠬᠤ ᠭᠡᠬᠦᠯᠡᠷ ᠰᠠᠭᠰᠠᠭᠠᠷ ᠰᠠᠨ ᠶᠧ ᠪᠠᠢᠨ᠎ᠠ ᠂ ᠡᠮᠦᠨ᠎ᠡ ᠴᠣᠩᠬᠣ ᠪᠠᠷ ᠪᠠᠰᠠ ᠭᠠᠷᠴᠤ ᠪᠣᠯᠬᠤ ᠦᠭᠡᠢ ᠂ ᠰᠠᠨᠳᠤᠷᠤᠭᠰᠠᠨ ᠬᠦᠴᠦᠨ ᠳ᠋ᠦ᠍ ᠪᠡᠨ ᠵᠢᠦ ᠶᠦᠸᠧ ᠬᠣᠢᠲᠤ ᠴᠣᠩᠬᠣ ᠪᠠᠷ ᠠᠪᠤᠭᠠᠳ ᠢᠷᠡᠵᠡᠢ 《 ᠴᠢ ᠡᠭᠦᠨ ᠢ᠋ᠶ᠋ᠡᠷ ᠭᠠᠷᠴᠢᠬ᠎ᠠ 》 ᠬᠣᠢᠲᠤ ᠴᠣᠩᠬᠣ ᠂ ᠥᠨᠳᠥᠷ ᠪᠡᠭᠡᠵᠢᠩ ᠯᠠᠮᠠ ᠶ᠋ᠢᠨ ᠪᠡᠶ᠎ᠡ ᠪᠠᠭ᠎ᠠ ᠂ ᠡᠨᠡ ᠣᠴᠢᠭᠠᠳ ᠮᠠᠯᠲᠠᠪᠠᠯ ᠪᠤᠯᠲᠠᠩ ᠭᠡᠲᠡᠯ᠎ᠡ ᠤᠨᠠᠭᠠᠳ ᠢᠷᠡᠴᠢᠬᠡᠨ᠎ᠡ ᠂ ᠡᠨᠡ ᠣᠴᠢᠭᠠᠳ ᠮᠠᠯᠲᠠᠪᠠᠯ ᠳᠣᠷᠣᠭᠰᠢ ᠤᠨᠠᠭᠠᠳ ᠢᠷᠡᠴᠢᠬᠡᠨ᠎ᠡ ᠃ ᠵᠢᠦ ᠶᠦᠸᠧ ᠰᠠᠨᠳᠤᠷᠴᠤ ᠪᠠᠢᠭ᠎ᠠ ᠶᠠᠪᠤᠳᠠᠯ ᠱᠠᠪ ᠭᠡᠲᠡᠯ᠎ᠡ ᠰᠤᠭᠤ ᠶ᠋ᠢᠨ ᠳᠣᠭᠤᠤᠷ ᠡᠷᠭᠦᠵᠦ ᠠᠪᠤᠭᠠᠳ ᠴᠠᠰᠢ ᠪᠠᠨ ᠪᠤᠯᠲᠠᠩ ᠭᠡᠲᠡᠯ᠎ᠡ ᠲᠦᠯᠬᠢᠭᠡᠳ ᠪᠡᠭᠡᠵᠢᠩ ᠯᠠᠮᠠ ᠶ᠋ᠢ ᠬᠣᠢᠲᠤ ᠴᠣᠩᠬᠣ ᠪᠠᠷ ᠭᠠᠷᠭᠠᠴᠢᠬᠠᠪᠠ᠃ ᠰᠠᠶᠢ ᠲᠦᠯᠬᠢᠭᠡᠳ ᠭᠠᠷᠭᠠᠲᠠᠯ᠎ᠠ ᠰᠠᠭᠰᠠᠭᠠᠷ ᠰᠠᠨ ᠶᠧ ᠡᠭᠦᠳᠡ ᠲᠦᠯᠬᠢᠭᠡᠳ ᠣᠷᠣᠭᠠᠳ ᠢᠷᠡᠪᠡ᠃
ᠵᠢᠦ ᠶᠦᠸᠧ ᠡᠰᠡᠷᠭᠦ ᠡᠴᠡ ᠨᠢ ᠬᠦᠷᠦᠭᠡᠳ ᠣᠴᠢᠵᠠᠢ ᠃ 《 ᠬᠣᠯᠠ ᠵᠠᠮ ᠢ᠋ᠶ᠋ᠠᠨ ᠬᠥᠭᠡᠭᠡᠳ ᠶᠠᠳᠠᠭᠰᠠᠨ ᠦᠭᠡᠢ ᠳᠡ ᠨᠣᠶᠠᠨ ᠠ᠋ 》 ᠭᠡᠬᠦ ᠳ᠋ᠦ᠍ ᠰᠠᠭᠰᠠᠭᠠᠷ ᠰᠠᠨ ᠶᠧ ᠦᠰᠦ ᠵᠢᠰᠦ ᠪᠡᠨ ᠴᠦ᠍ ᠬᠦᠷᠦᠭᠰᠡᠨ ᠦᠭᠡᠢ ᠥᠩᠭᠡᠲᠡᠢ ᠲᠡᠢ ᠪᠡᠨ ᠡᠮᠦᠰᠦᠭᠰᠡᠨ ᠦᠭᠡᠢ ᠵᠢᠦ ᠶᠦᠸᠧ ᠶ᠋ᠢ ᠦᠵᠡᠭᠡᠳ ᠠᠭᠤᠷ ᠬᠦᠷᠴᠦ 《 ᠬᠦᠢ ᠂ ᠵᠢᠦ ᠶᠦᠸᠧ ᠥᠨᠥᠳᠥᠷ ᠥᠪᠡᠷ ᠦ᠋ᠨ ᠮᠢᠨᠦ ᠪᠡᠶ᠎ᠡ ᠶ᠋ᠢ ᠢᠷᠡᠬᠦ ᠶ᠋ᠢ ᠮᠡᠳᠡᠵᠦ ᠪᠠᠢᠭᠠᠳ ᠶᠠᠭᠠᠬᠢᠵᠤ ᠠᠭᠠᠰᠢᠯᠠᠵᠤ ᠪᠠᠢᠬᠤ ᠪᠣᠢ?》 ᠵᠢᠦ ᠶᠦᠸᠧ ᠡᠰᠡᠷᠭᠦ ᠡᠴᠡ ᠨᠢ ᠬᠠᠨᠳᠤᠭᠠᠳ ᠨᠢᠳᠦᠨ ᠨᠢᠯᠪᠤᠰᠤ ᠶ᠋ᠢ ᠤᠨᠠᠭᠠᠴᠢᠬᠠᠭᠠᠳ ᠭᠣᠮᠣᠳᠠᠭᠰᠠᠨ ᠮᠠᠶᠢᠭ ᠲᠠᠢ ᠬᠡᠯᠡᠵᠦ ᠪᠠᠢᠨ᠎ᠠ ᠃
ᠪᠣᠳᠣᠭᠰᠠᠨ ᠳ᠋ᠤ᠌ ᠪᠠᠨ ᠠᠳᠠᠯᠢ ᠪᠣᠳᠣᠵᠤ ᠤᠤ ᠳᠠ ᠰᠠᠨ ᠶᠧ ᠵᠠ
ᠪᠣᠳᠣᠯᠭ᠎ᠠ ᠪᠣᠯᠤᠭᠠᠳ ᠰᠠᠨᠠᠭᠠᠨ ᠤ᠋ ᠳᠣᠲᠣᠷ᠎ᠠ ᠪᠠᠨ ᠪᠣᠯᠬᠤ ᠦᠭᠡᠢ ᠰᠠᠨᠠᠵᠠᠢ ᠴᠢᠮ᠎ᠠ ᠶ᠋ᠢ ᠳᠡ
ᠪᠣᠳᠣᠵᠤ ᠰᠠᠨᠠᠭᠰᠠᠨ ᠡᠳᠦᠷ ᠰᠠᠷ᠎ᠠ ᠳ᠋ᠤ᠌ ᠮᠢᠨᠢ ᠪᠤᠲᠠᠷᠠᠭᠤᠯᠤᠭᠠᠳ ᠢᠷᠡᠬᠦ ᠦᠭᠡᠢ ᠪᠣᠯᠬᠤ ᠳ᠋ᠤ᠌
ᠪᠣᠭᠣᠳᠠᠯ ᠪᠣᠯᠤᠭᠠᠳ ᠦᠰᠦ ᠲᠡᠢ ᠪᠡᠨ ᠬᠣᠶᠠᠭᠤᠯᠠ ᠶ᠋ᠢ ᠪᠤᠯᠲᠤ ᠪᠤᠯᠲᠤ ᠲᠠᠲᠠᠭᠠᠳ ᠬᠠᠶᠠᠭᠰᠠᠨ ᠶᠤᠮ ᠠ᠋ ᠬᠦᠢ
ᠰᠠᠨᠠᠭᠰᠠᠨ ᠳ᠋ᠤ᠌ ᠪᠠᠨ ᠠᠳᠠᠯᠢᠬᠠᠨ ᠰᠠᠨᠠᠵᠤ ᠤᠤ ᠳᠠ ᠰᠠᠨ ᠶᠧ ᠵᠠ
ᠰᠠᠨᠠᠭ᠎ᠠ ᠪᠣᠯᠤᠨ ᠰᠡᠳᠬᠢᠯ ᠳᠣᠲᠣᠷ᠎ᠠ ᠪᠠᠨ ᠰᠠᠨᠠᠭᠠᠳ ᠯᠠ ᠪᠠᠢᠵᠠᠢ ᠴᠢᠮ᠎ᠠ ᠶ᠋ᠢ ᠪᠡᠨ
ᠰᠠᠨᠠᠭᠠᠳ ᠪᠣᠳᠣᠭᠰᠠᠨ ᠡᠳᠦᠷ ᠰᠠᠷ᠎ᠠ ᠳ᠋ᠤ᠌ ᠰᠠᠳᠠᠷᠠᠭᠤᠯᠤᠭᠠᠳ ᠢᠷᠡᠬᠦ ᠳ᠋ᠦ᠍ ᠪᠣᠯᠬᠤ ᠦᠭᠡᠢ ᠤᠤ ᠳᠠ
ᠰᠠᠮ ᠪᠣᠯᠤᠨ ᠱᠦᠭᠦᠷ ᠲᠡᠢ ᠨᠢ ᠬᠣᠶᠠᠭᠤᠯᠠ ᠶ᠋ᠢ ᠰᠠᠯᠪᠠᠯᠠᠵᠤ ᠰᠠᠯᠪᠠᠯᠠᠭᠠᠳ ᠭᠡᠭᠡᠴᠢᠬᠡᠪᠡ
ᠡᠨᠡ ᠦᠭᠡ ᠶ᠋ᠢ ᠰᠣᠨᠣᠰᠤᠭᠠᠳ ᠰᠠᠭᠰᠠᠭᠠᠷ ᠰᠠᠨ ᠶᠧ ᠪᠤᠷᠤᠭᠤ ᠪᠠᠨ ᠮᠡᠳᠡᠵᠡᠢ 《 ᠶᠠᠭ ᠲᠠᠭᠠᠷᠠᠨ᠎ᠠ ᠥᠩᠭᠡᠷᠡᠭᠰᠡᠨ ᠡᠳᠦᠷ ᠪᠢ ᠢᠷᠡᠶ᠎ᠡ ᠭᠡᠳ ᠦᠭᠡᠨ ᠳ᠋ᠡᠭᠡᠨ ᠰᠠᠭᠤᠭᠰᠠᠨ ᠦᠭᠡᠢ ᠶᠦ᠍ᠮ ᠴᠢᠨᠢ ᠥᠪᠡᠷ ᠦ᠋ᠨ ᠪᠠᠶᠠᠨ ᠤ᠋ ᠴᠢᠨᠢ ᠠᠭᠠᠰᠢᠯᠠᠬᠤ ᠪᠠᠰᠠ ᠲᠠᠭᠠᠷᠠᠨ᠎ᠠ 》ᠭᠡᠵᠦ ᠠᠷᠪᠢᠨ ᠳᠣᠯᠣᠭᠠᠨ ᠦᠭᠡ ᠶ᠋ᠢ ᠬᠡᠯᠡᠯᠭᠡᠨ ᠦᠭᠡᠢ ᠬᠣᠶᠠᠭᠤᠯᠠ ᠪᠠᠨ ᠤᠰᠤ ᠴᠠᠢ ᠶ᠋ᠢ ᠤᠤᠭᠤᠭᠠᠳ ᠰᠠᠭᠤᠵᠤ ᠪᠠᠢᠶ᠎ᠠ ᠭᠡᠳ ᠤᠰᠤ ᠴᠠᠢ ᠶ᠋ᠢ ᠤᠤᠭᠤᠭᠠᠳ ᠰᠠᠭᠤᠵᠤ ᠪᠠᠢᠲᠠᠯ᠎ᠠ ᠬᠣᠢᠲᠤ ᠴᠣᠩᠬᠣ ᠪᠠᠷ ᠲᠦᠯᠬᠢᠭᠳᠡᠭᠡᠳ ᠭᠠᠷᠤᠭᠰᠠᠨ ᠪᠡᠭᠡᠵᠢᠩ ᠯᠠᠮᠠ ᠳᠣᠲᠣᠷ᠎ᠠ ᠪᠠᠨ ᠪᠠᠰᠠ ᠨᠢᠭᠡᠮᠦᠰᠦᠨ ᠠᠷᠭ᠎ᠠ ᠠᠭᠠᠰᠢ ᠪᠠᠨ ᠪᠠᠷᠠᠭᠠᠳ ᠪᠠᠢᠨ᠎ᠠ᠂ ᠠᠷᠤ ᠶ᠋ᠢᠨ ᠴᠣᠩᠬᠣ ᠪᠠᠷ ᠢᠷᠡᠭᠡᠳ ᠦᠵᠡᠶ᠎ᠡ ᠭᠡᠳ ᠤᠪ ᠣᠯᠢᠢᠭᠠᠳ ᠢᠷᠡᠬᠦᠯᠡᠷ ᠪᠡᠶ᠎ᠡ ᠨᠢ ᠪᠠᠭ᠎ᠠ ᠶᠤᠮ ᠴᠢᠨᠢ ᠥᠯᠮᠡᠢ ᠪᠡᠷ ᠢ᠋ᠶ᠋ᠡᠨ ᠵᠣᠭᠰᠣᠭᠠᠳ ᠥᠨᠳᠡᠢᠭᠰᠡᠨ ᠴᠦ᠍ ᠣᠯᠵᠤ ᠦᠵᠡᠬᠦ ᠦᠭᠡᠢ᠂ ᠶᠠᠭᠠᠬᠢᠪᠠᠴᠤ ᠣᠯᠵᠤ ᠦᠵᠡᠬᠦ ᠦᠭᠡᠢ ᠪᠣᠯᠬᠣᠷ ᠠᠷᠭ᠎ᠠ ᠦᠭᠡᠢ ᠬᠣᠢᠰᠢ ᠪᠠᠨ ᠭᠦᠶᠦᠵᠦ ᠣᠴᠢᠭᠠᠳ ᠬᠥᠪᠬᠡᠯ( ᠡᠲᠡᠯ᠂ ᠪᠣᠷᠳᠣᠭᠤᠷ ) ᠤ᠋ᠨ ᠣᠪᠣᠭᠠᠨ ᠳᠡᠭᠡᠷ᠎ᠡ ᠡᠴᠡ ᠬᠡᠳᠦ ᠬᠡᠳᠦᠨ ᠪᠡᠯᠡ ᠵᠦᠩ ( ᠬᠡᠯᠲᠡᠷᠬᠡᠢ ᠬᠠᠭᠠᠰ ᠲᠣᠭᠣᠰᠬ᠎ᠠ) ᠲᠡᠭᠦᠭᠡᠳ ᠠᠪᠤᠭᠠᠳ ᠢᠷᠡᠵᠦ ᠭᠡᠨ᠎ᠡ ᠂ ᠳᠡᠭᠡᠷ᠎ᠡ ᠳᠡᠭᠡᠷ᠎ᠡ ᠨᠢ ᠣᠪᠣᠭᠠᠯᠠᠨ ᠳᠡᠭᠡᠷ᠎ᠡ ᠨᠢ ᠭᠠᠷᠤᠭᠠᠳ ᠵᠣᠭᠰᠣᠪᠠᠯ᠂ ᠨᠢᠭᠡ ᠵᠣᠭᠰᠣᠪᠠᠯ ᠮᠤᠰᠢᠭ ᠭᠡᠳ ᠤᠨᠠᠴᠢᠬᠠᠨᠠ ᠨᠢᠭᠡ ᠵᠣᠭᠰᠣᠪᠠᠯ ᠮᠤᠰᠢᠭ ᠭᠡᠳ ᠤᠨᠠᠭᠠᠳ ᠶᠠᠪᠤᠭᠠᠳ ᠥᠭᠴᠡᠭᠡᠨᠡ᠂ ᠶᠠᠭᠠᠬᠢᠪᠠᠴᠤ ᠲᠣᠭᠲᠠᠵᠤ ᠥᠭᠬᠦ ᠦᠭᠡᠢ ᠠᠷᠭ᠎ᠠ ᠪᠠᠨ ᠪᠠᠷᠠᠭᠠᠳ ᠭᠠᠭᠴᠨ ᠬᠥᠯ ᠢ᠋ᠶ᠋ᠡᠷ ᠢ᠋ᠶ᠋ᠡᠨ ᠳᠥᠷᠥᠭᠡᠯᠡᠨ ᠵᠣᠭᠰᠣᠭᠠᠳ ᠨᠥᠭᠦᠭᠡ ᠬᠥᠯ ᠢ᠋ᠶ᠋ᠡᠨ ᠦᠵᠦᠭᠦᠷ ᠦᠭᠡᠢ ᠲᠡᠭᠡᠭᠡᠰᠢ ᠳᠣᠪᠣᠢᠯᠭᠠᠭᠠᠳ᠂ ᠡᠩ! ᠭᠠᠭᠴᠠᠬᠠᠨ ᠬᠥᠯ ᠢ᠋ᠶ᠋ᠡᠷ ᠪᠠᠰᠠ ᠵᠣᠭᠰᠣᠵᠤ ᠲᠣᠭᠲᠠᠵᠤ ᠶᠤᠤᠯᠤᠨᠠ ( ᠳᠡᠢᠯᠦᠨ᠎ᠡ )᠂ ᠬᠡᠯᠡ ᠪᠡᠨ ᠭᠠᠷᠭᠠᠭᠠᠳ ᠭᠠᠭᠴᠨ ᠨᠢᠳᠦ ᠪᠡᠷ ᠳᠣᠲᠣᠭᠰᠢ ᠪᠠᠷ᠎ᠠ ᠬᠠᠷᠠᠭᠠᠳ ᠂ ᠰᠢᠨᠵᠢ ᠪᠡᠨ ᠪᠠᠷᠠᠭᠰᠠᠨ ᠬᠥᠮᠦᠨ ᠦ᠌ ᠬᠦᠦ ᠴᠢᠨᠢ ᠃ ᠲᠡᠭᠡᠬᠦᠯᠡ ᠠᠷᠤ ᠪᠡᠶ᠎ᠡ ᠶ᠋ᠢᠨ( ᠠᠷᠤ ᠵᠡᠷᠭᠡᠯᠡᠳᠡᠭᠡ ᠭᠡᠷ ) ᠠᠢᠯ ᠤ᠋ᠨ ᠪᠠᠭ᠎ᠠ ᠨᠠᠰᠤᠨ ᠤ᠋ ᠵᠠᠯᠠᠭᠤ ᠭᠠᠷᠤᠭᠠᠳ ᠶᠠᠪᠤᠨ᠎ᠠ ᠭᠡᠬᠦᠯᠡᠷ ᠴᠠᠭᠠᠨᠲᠠᠢ ᠪᠡᠶ᠎ᠡ ᠳ᠋ᠦ᠍ ᠨᠢ ᠰᠠᠭᠰᠠᠭᠠᠷ ᠰᠠᠨ ᠶᠧ ᠨᠣᠶᠠᠨ ᠤ᠋ ᠬᠠᠷ᠎ᠠ ᠵᠢᠷᠣᠭ᠎ᠠ ᠮᠣᠷᠢ ᠬᠦᠷᠢᠶᠡᠨ ᠳᠤᠮᠳᠠ ᠪᠠᠢᠨ᠎ᠠ ᠃ ᠱᠠᠭᠠᠢᠭᠠᠳ ᠠᠷᠤ ᠪᠡᠶ᠎ᠡ ᠳ᠋ᠦ᠍ ᠨᠢ ᠦᠵᠡᠬᠦᠯ᠎ᠡ ᠪᠡᠭᠡᠵᠢᠩ ᠵᠣᠯᠢᠭ ᠪᠠᠢᠨ᠎ᠠ ᠂ ᠡᠨᠡ ᠠᠢᠯ ᠢ᠋ ᠲᠦᠢᠳᠦᠨᠡ ᠲᠡᠷᠡ ᠠᠢᠯ ᠢ᠋ ᠲᠦᠢᠪᠡᠭᠡᠨᠡ ᠡᠮᠡᠰ ᠥᠬᠢᠳ ᠲᠡᠢ ᠬᠠᠯᠳᠠᠨ᠎ᠠ ᠂ ᠥᠩᠭᠡᠷᠡᠦ ᠰᠠᠢᠨ ᠶᠠᠪᠤᠳᠠᠯ ᠬᠢᠬᠦ ᠦᠭᠡᠢ ᠰᠢᠦ᠂ ᠡᠨᠡ ᠲᠣᠣᠮᠢ ( ᠭᠤᠢᠷᠠᠨᠴᠢ ) ᠶ᠋ᠢᠨ ᠦᠷ᠎ᠡ ᠠᠴᠢ ᠶ᠋ᠢᠨ ᠠᠭᠠᠰᠢᠯᠠᠵᠤ ᠪᠠᠢᠬᠤ ᠶ᠋ᠢ ᠦᠵᠡᠲᠦᠭᠡᠢ ᠭᠡᠳ ᠠᠭᠤᠷ ᠬᠦᠷᠦᠭᠰᠡᠨ ᠬᠦᠴᠦᠨ ᠳ᠋ᠦ᠍ ᠪᠡᠨ ᠬᠠᠷᠢᠶᠠᠵᠤ ᠪᠠᠢᠨ᠎ᠠ᠃
ᠵᠣᠭᠣᠰ ᠮᠥᠩᠭᠥ ᠲᠡᠢ ᠰᠠᠨ ᠶᠧ ᠨᠣᠶᠠᠨ ᠢ᠋ ᠦᠵᠡᠬᠦ ᠦᠭᠡᠢ ᠳᠡ ᠬᠦᠢ
ᠵᠦᠢᠲᠡᠢ ᠬᠥᠮᠦᠨ ᠵᠢᠦ ᠶᠦᠸᠧ ᠲᠡᠢ ᠪᠡᠨ ᠵᠦᠢᠴᠡᠵᠦ ᠰᠠᠭᠤᠬᠤ ᠨᠢ ᠰᠠᠢᠬᠠᠨ ᠶᠠ ᠬᠦᠢ
ᠵᠣᠭᠣᠰ ᠴᠤ᠌ ᠦᠭᠡᠢ ᠮᠥᠩᠭᠥ ᠴᠦ᠍ ᠦᠭᠡᠢ ᠵᠢᠷᠣᠭ᠎ᠠ ᠪᠡᠭᠡᠵᠢᠩ ᠢ᠋ ᠦᠵᠡᠲᠦᠭᠡᠢ ᠳᠡ
ᠵᠤᠨ ᠤ᠋ ᠴᠤ᠌ ᠬᠠᠯᠭᠤᠨ ᠤ᠋ ᠨᠣᠬᠠᠢ ᠳ᠋ᠤᠷ ᠠᠳᠠᠯᠢ ᠬᠡᠯᠡ ᠪᠡᠨ ᠭᠠᠷᠭᠠᠭᠠᠳ ᠴᠢᠩᠨᠠᠨ᠎ᠠ ᠤᠤ ᠳᠠ
ᠡᠳ᠋ ᠮᠥᠩᠭᠥ ᠲᠡᠢ ᠰᠠᠨ ᠶᠧ ᠨᠣᠶᠠᠨ ᠢ᠋ ᠦᠵᠡᠬᠦ ᠦᠭᠡᠢ ᠤᠤ ᠳᠠ ᠬᠦᠢ
ᠡᠪᠯᠢᠭ ᠬᠥᠮᠦᠨ ᠠ᠋ ᠵᠢᠦ ᠶᠦᠸᠧ ᠲᠡᠢ ᠪᠡᠨ ᠢᠨᠢᠶᠡᠯᠴᠡᠵᠦ ᠨᠠᠭᠠᠳᠬᠤ ᠰᠠᠢᠬᠠᠨ ᠶᠠ ᠬᠦᠢ
ᠡᠳ᠋ ᠴᠦ᠍ ᠦᠭᠡᠢ ᠮᠥᠩᠭᠥ ᠯᠡ ᠦᠭᠡᠢ ᠡᠨᠡᠬᠦ ᠲᠣᠣᠮᠢ( ᠭᠤᠢᠷᠠᠨᠴᠢ ) ᠶ᠋ᠢ ᠦᠵᠡᠲᠦᠭᠡᠢ ᠳᠡ ᠠ᠋
ᠡᠪᠦᠯ ᠦ᠋ᠨ ᠬᠦᠢᠲᠡᠨ ᠦ᠌ ᠴᠠᠭ ᠤ᠋ᠨ ᠲᠠᠬᠢᠶ᠎ᠠ ᠰᠢᠭ᠋ ᠬᠥᠯ ᠢ᠋ᠶ᠋ᠡᠨ ᠳ᠋ᠡᠭᠯᠢᠭᠡᠳ ᠵᠣᠭᠰᠣᠨ᠎ᠠ ᠬᠦᠢ
ᠡᠨᠡ ᠦᠭᠡ ᠶ᠋ᠢ ᠰᠣᠨᠣᠰᠤᠭᠠᠳ ᠪᠡᠭᠡᠵᠢᠩ ᠯᠠᠮᠠ ᠪᠤᠷᠤᠭᠤᠰᠢ ᠪᠠᠨ ᠬᠠᠨᠳᠤᠭᠠᠳ ᠦᠵᠡᠬᠦᠯ᠎ᠡ ᠪᠠᠭᠠᠬᠠᠨ ᠪᠡᠶ᠎ᠡ ᠲᠡᠢ ᠨᠢᠭᠡ ᠠᠢᠯ ᠤ᠋ᠨ ᠬᠦᠦ《 ᠠᠶ᠎ᠠ! ᠬᠡᠦᠬᠡᠳ ᠲᠦ᠍ ᠪᠠᠰᠠ ᠪᠢ ᠢᠩᠭᠢᠵᠦ ᠳᠣᠣᠷ᠎ᠠ ᠦᠵᠡᠭᠳᠡᠨ᠎ᠡ ᠤᠤ ᠳᠠ! ᠣᠷᠣᠶ᠎ᠠ ᠂ ᠶᠢᠷᠲᠢᠨᠴᠦ ᠳ᠋ᠦ᠍ ᠲᠥᠷᠥᠭᠰᠡᠨ ᠬᠥᠮᠦᠨ ᠦᠬᠦᠬᠦ ᠡᠴᠡ ᠭᠠᠷᠤᠭᠰᠠᠨ ᠦᠭᠡᠢ 》 ᠪᠤᠯᠲᠠᠩ ᠫᠠᠯᠲᠠᠩ ᠲᠥᠴᠢᠭᠡᠷ ᠲᠠᠴᠢᠭᠢᠷ ᠭᠡᠳ ᠭᠦᠶᠦᠭᠡᠳ ᠣᠷᠣᠭᠠᠳ ᠢᠷᠡᠵᠡᠢ᠃
ᠰᠠᠨ ᠶᠧ ᠨᠣᠶᠠᠨ ᠴᠠᠢ ᠤᠤᠭᠤᠭᠠᠳ ᠰᠠᠭᠤᠵᠤ ᠪᠠᠢᠭᠰᠠᠨ ᠬᠥᠮᠦᠨ ᠴᠢᠨᠢ ᠰᠠᠨᠳᠤᠷᠴᠤ ᠄《 ᠬᠦᠢ ᠬᠦᠢ᠂ ᠵᠢᠦ ᠶᠦᠸᠧ ᠡᠨᠡ ᠴᠢᠨᠢ ᠶᠠᠭᠠᠬᠢᠭᠰᠠᠨ ᠶᠤᠮ ᠪᠣᠢ ? 》ᠭᠡᠬᠦ ᠳ᠋ᠦ᠍ ᠂ ᠪᠡᠭᠡᠵᠢᠩ ᠯᠠᠮᠠ ᠬᠣᠢᠲᠤ ᠬᠠᠨᠵᠤᠨ ᠳᠡᠭᠡᠷ᠎ᠡ ᠨᠢ ᠢᠷᠡᠭᠡᠳ ᠯᠠᠭ ᠭᠡᠲᠡᠯ᠎ᠡ ᠰᠠᠭᠤᠴᠢᠬᠠᠪᠠ ᠂ ᠵᠢᠦ ᠶᠦᠸᠧ ᠬᠡᠯᠡᠵᠦ ᠪᠠᠢᠨ᠎ᠠ᠄ 《 ᠪᠢ ᠠᠩᠬᠠᠨ ᠰᠠᠶᠢ ᠰᠠᠨ ᠶᠧ ᠴᠢᠮ᠎ᠠ ᠳ᠋ᠤ᠌ ᠬᠡᠯᠡᠵᠦ ᠪᠠᠢᠭᠰᠠᠨ ᠦᠭᠡᠢ ᠳᠡ ᠰᠠᠮ ᠪᠣᠯᠤᠨ ᠱᠦᠭᠦᠷ ᠢ᠋ᠶ᠋ᠡᠨ ᠪᠠᠯᠪᠠᠭᠠᠳ ᠪᠠᠢᠭᠰᠠᠨ ᠳ᠋ᠤ᠌ ᠡᠨᠡ ᠪᠣᠯ ᠪᠡᠭᠡᠵᠢᠩ ᠦ᠋ᠨ ᠶᠦᠩ ᠾᠧ ᠬᠦᠩ ᠡᠴᠡ ᠭᠠᠷᠴᠤ ᠢᠷᠡᠭᠰᠡᠨ ᠯᠠᠮᠠ ᠠ᠋᠂ ᠪᠢ ᠡᠭᠦᠨ ᠦ᠌ ᠬᠤᠳᠠᠯᠳᠤᠵᠤ ᠪᠠᠢᠭᠰᠠᠨ ᠰᠠᠮ ᠱᠦᠭᠦᠷ ᠡᠴᠡ ᠨᠢ ᠠᠪᠤᠭᠠᠳ ᠵᠣᠭᠣᠰ ᠢ᠋ ᠨᠢ ᠥᠭᠭᠦᠭᠡᠳᠦᠢ ᠪᠣᠯᠬᠣᠷ ᠂ ᠡᠨᠡ ᠯᠠᠪ ᠵᠣᠭᠣᠰ ᠢ᠋ᠶ᠋ᠠᠨ ᠠᠪᠬᠤ ᠪᠠᠷ ᠢᠷᠡᠵᠡᠢ 》 ᠮᠧᠨ( ᠡᠨᠡ ) ᠦᠭᠡ ᠶ᠋ᠢ ᠰᠣᠨᠣᠰᠤᠭᠠᠳ ᠰᠠᠭᠰᠠᠭᠠᠷ ᠰᠠᠨ ᠶᠧ ᠬᠠᠷᠮᠠᠨ ᠢ᠋ᠶ᠋ᠠᠨ ᠠᠭᠤᠳᠠᠯᠤᠨ ᠬᠡᠳᠦᠨ ᠰᠢᠶᠠᠨ ᠳᠠ ᠶᠠᠩ ( ᠭᠠᠤᠯᠢᠨ ᠵᠣᠭᠣᠰ) ᠭᠠᠷᠭᠠᠵᠤ ᠳ᠋ᠢᠩᠭᠠᠷ ᠭᠡᠲᠡᠯ᠎ᠡ ᠬᠠᠶᠠᠭᠠᠳ ᠥᠭᠪᠡ᠂ ᠮᠠᠢ! ᠴᠢ ᠨᠢᠭᠡ ᠯᠠᠮᠠ ᠬᠣᠪᠣᠷᠠᠭ ᠬᠥᠮᠦᠨ ᠠᠪᠤᠭᠠᠳ ᠶᠠᠪᠤ ᠂ ᠪᠡᠭᠡᠵᠢᠩ ᠯᠠᠮᠠ ᠠᠪᠬᠤ ᠦᠭᠡᠢ ᠰᠢᠦ ᠲᠡᠷᠡ᠂ ᠵᠣᠭᠣᠰ ᠢ᠋ ᠦᠵᠡᠭᠡᠳ ᠠᠪᠬᠤ ᠶᠠᠭᠤᠮ᠎ᠠ ᠮᠥᠨ ᠤᠤ? ᠪᠠᠰᠠ ᠠᠮᠠ ᠪᠠᠨ ᠠᠩᠭᠠᠢᠭᠠᠳ ᠨᠢᠳᠦ ᠪᠡᠨ ᠪᠦᠯᠲᠡᠢᠯᠭᠡᠭᠡᠳ ᠪᠠᠢᠭᠠᠳ ᠪᠠᠢᠨ᠎ᠠ ᠂ ᠠᠶ᠎ᠠ ! ᠰᠠᠭᠰᠠᠭᠠᠷ ᠰᠠᠨ ᠶᠧ ᠶᠡᠬᠡ ᠠᠭᠤᠷ ᠬᠦᠷᠴᠦ ᠂ ᠡᠨᠡ ᠡᠯᠳᠡᠪ ᠦ᠋ᠨ ᠨᠢᠭᠡ ᠯᠠᠮᠠ ᠪᠠᠢᠨ᠎ᠠ ᠂ ᠶᠠᠪᠤᠴᠢᠬ᠎ᠠ ᠭᠡᠪᠡᠯ ᠪᠠᠰᠠ ᠶᠠᠪᠤᠴᠢᠬᠠᠪᠠᠯ ᠭᠠᠷᠴᠢᠬᠠᠨ᠎ᠠ ᠪᠠ ᠂ ᠰᠠᠶᠢ ᠢᠩᠭᠢᠵᠦ ᠪᠣᠳᠣᠵᠤ ᠪᠠᠢᠲᠠᠯ᠎ᠠ ᠭᠠᠳᠠᠨ᠎ᠠ ᠲᠡᠷᠭᠡ ᠶ᠋ᠢᠨ ᠮᠥᠭᠡᠷ ᠦ᠋ᠨ ᠳᠠᠭᠤ ᠭᠠᠷᠤᠨ᠎ᠠ ᠂ ᠲᠡᠷᠭᠡᠨ ᠮᠥᠭᠡᠷ ᠦ᠋ᠨ ᠳᠠᠭᠤ ᠰᠣᠨᠣᠰᠤᠭᠳᠠᠬᠤ ᠳ᠋ᠤ᠌᠂ ᠵᠢᠦ ᠶᠦᠸᠧ ᠴᠣᠩᠬᠣ ᠪᠠᠷ ᠥᠨᠳᠡᠢᠭᠡᠳ ᠪᠠᠷ᠎ᠠ ᠬᠠᠷᠠᠪᠠᠯ ᠂ ᠪᠠᠷᠠᠪᠠ ! ᠡᠷᠦᠬᠡ ᠶ᠋ᠢᠨ ᠡᠵᠡᠨ ᠬᠣᠷᠯᠣ ᠨᠣᠶᠠᠨ ᠡᠷᠭᠢᠭᠡᠳ ᠬᠦᠷᠦᠭᠡᠳ ᠢᠷᠡᠵᠡᠢ ᠃ ᠵᠧ ! ᠣᠳᠣ ᠬᠡᠷᠡᠭ ᠭᠠᠷᠴᠠᠢ ᠂ ᠡᠷᠦᠬᠡ ᠶ᠋ᠢᠨ ᠡᠵᠡᠨ ᠬᠣᠷᠯᠣ ᠨᠣᠶᠠᠨ ᠬᠦᠷᠦᠭᠡᠳ ᠢᠷᠡᠭᠰᠡᠨ ᠦᠭᠡᠢ ᠳᠡ ᠂ ᠬᠦᠢ ! ᠠᠳᠠᠯ ᠭᠡᠷ ᠦ᠋ᠨ ᠡᠵᠡᠨ ᠢᠷᠡᠭᠰᠡᠨ ᠢ᠋ ᠰᠣᠨᠣᠰᠤᠭᠠᠳ: ᠠᠰ ᠤ᠋ᠨ ᠪᠡᠶ᠎ᠡ ᠰᠠᠭᠰᠠᠭᠠᠷ ᠰᠠᠨ ᠶᠧ ᠭᠡᠳ ᠪᠣᠯᠬᠤ ᠶᠠᠭᠤᠮ᠎ᠠ ᠮᠥᠨ ᠤᠤ ? ᠣᠳᠣ ᠮᠡᠩᠳᠡᠭᠦᠷᠡᠵᠦ ᠵᠢᠦ ᠶᠦᠸᠧ ᠪᠢ ᠣᠳᠣ ᠬᠠᠮᠢᠭ᠎ᠠ ᠣᠷᠣᠨ᠎ᠠ ᠂ ᠪᠡᠭᠡᠵᠢᠩ ᠯᠠᠮᠠ ᠪᠠᠰᠠ ᠪᠦᠯᠲᠡᠩ ᠪᠦᠯᠲᠡᠩ ᠭᠡᠳ ᠠᠶᠤᠴᠢᠬᠠᠬᠤ ᠦᠭᠡᠢ ᠤᠤ?ᠣᠳᠣ ᠣᠷᠣᠬᠤ ᠭᠠᠵᠠᠷ ᠢ᠋ᠶ᠋ᠠᠨ ᠣᠯᠬᠤ ᠦᠭᠡᠢ ᠂
ᠰᠠᠨᠳᠤᠷᠤᠭᠰᠠᠨ ᠬᠦᠴᠦᠨ ᠳ᠋ᠦ᠍ ᠪᠡᠨ ᠭᠠᠳᠠᠨ᠎ᠠ ᠲᠠᠰᠤᠯᠭ᠎ᠠ ᠭᠡᠷ ᠲᠦ᠍ ᠭᠦᠶᠦᠭᠡᠳ ᠣᠷᠣᠵᠤ ᠢᠷᠡᠬᠦᠯᠡᠷ ᠂ ᠠᠩᠬᠠᠨ ᠤ᠋ ᠠᠪᠴᠢᠷᠠᠭᠰᠠᠨ ᠠᠷᠭᠠᠯ ᠤ᠋ᠨ ᠰᠠᠭᠰᠤ ᠭᠠᠳᠠᠨ᠎ᠠ ᠲᠠᠰᠤᠯᠭ᠎ᠠ ᠳ᠋ᠤ᠌ ᠪᠠᠢᠵᠠᠢ ᠂ ᠪᠡᠭᠡᠵᠢᠩ ᠯᠠᠮᠠ ᠪᠡᠶ᠎ᠡ ᠪᠠᠭ᠎ᠠ ᠬᠤᠷᠴᠠ ᠲᠡᠷᠡ ᠬᠥᠮᠦᠨ ᠠ᠋ ᠂ ᠱᠠᠪ ᠭᠡᠲᠡᠯ᠎ᠡ ᠠᠳᠬᠤᠮᠠᠭᠴᠠ ᠣᠷᠣᠢ ᠤᠷᠤᠭᠤ ᠪᠠᠨ ᠱᠤᠸᠠᠷ ᠭᠡᠲᠡᠯ᠎ᠡ ᠬᠥᠮᠥᠷᠢᠭᠡᠳ ᠤᠪ ᠣᠴᠣᠢᠨ ᠰᠠᠭᠤᠬᠤ ᠳ᠋ᠤ᠌ ᠪᠠᠢᠵᠤ ᠳᠠ! ᠪᠣᠷᠣ ᠨᠥᠮᠥᠷᠭᠡ ᠶ᠋ᠢᠨ ᠬᠠᠭᠠᠰ ᠬᠣᠷᠮᠣᠢ ᠨᠢ ᠰᠠᠭᠰᠤᠨ ᠤ᠋ ᠭᠠᠳᠠᠨ᠎ᠠ ᠦᠯᠡᠳᠡᠪᠡ᠃ ᠰᠠᠨ ᠶᠧ ᠨᠣᠶᠠᠨ ᠭᠦᠶᠦᠵᠦ ᠭᠠᠷᠴᠤ ᠢᠷᠡᠭᠡᠳ᠂ ᠣᠳᠣ ᠣᠷᠣᠬᠤ ᠭᠠᠵᠠᠷ ᠢ᠋ᠶ᠋ᠠᠨ ᠣᠯᠬᠤ ᠦᠭᠡᠢ ᠰᠠᠨᠳᠤᠷᠤᠭᠠᠳ ᠡᠭᠦᠳᠡᠨ ᠠᠷᠤ ᠳ᠋ᠤᠨᠢ ᠣᠷᠣᠭᠠᠳ ᠵᠣᠭᠰᠣᠭᠠᠳ ᠲᠡᠭᠡᠭᠰᠡᠨ ᠴᠢᠨᠢ ᠪᠠᠢᠨ᠎ᠠ ᠤᠤ ᠳᠠ ᠭᠤᠲᠤᠯ ᠤ᠋ᠨ ᠲᠦᠷᠡᠢ ᠶ᠋ᠢᠨ ᠬᠢᠨᠢ ᠬᠠᠭᠠᠰ ᠨᠢ ᠪᠠᠰᠠ ᠡᠭᠦᠳᠡᠨ ᠡᠯᠬᠡᠭ( ᠪᠣᠱᠣᠭ᠎ᠠ ) ᠬᠢᠨᠢ ᠨᠠᠭᠠᠳᠤ ᠦᠵᠡᠭᠳᠡᠵᠦ ᠪᠠᠢᠨ᠎ᠠ ᠂ ᠠᠳᠠᠯ ᠤ᠋ᠨ ᠡᠵᠡᠨ ᠬᠣᠷᠯᠣ ᠨᠣᠶᠠᠨ ᠬᠦᠷᠳᠦᠲᠦ ᠲᠡᠷᠭᠡ ᠪᠡᠨ ᠪᠠᠭᠤᠯᠭᠠᠭᠠᠳ ᠬᠦᠷᠢᠶᠡᠨ ᠳᠤᠮᠳᠠ ᠪᠠᠨ ᠯᠠᠪᠠᠯᠵᠤ ᠦᠵᠡᠬᠦᠯ᠎ᠡ ᠂ ᠬᠠᠷ᠎ᠠ ᠵᠢᠷᠣᠭ᠎ᠠ ᠮᠣᠷᠢ ᠤᠶᠠᠭᠠᠨ ᠳᠡᠭᠡᠷ᠎ᠡ ᠨᠢ ᠤᠶᠠᠵᠤ ᠪᠠᠢᠨ᠎ᠠ ᠃ ᠰᠠᠨᠠᠭ᠎ᠠ ᠠᠯᠳᠠᠵᠠᠢ᠂ ᠡᠨᠡ ᠴᠦ᠍ ᠣᠳᠣ ᠥᠩᠭᠡᠷᠡᠦ ᠰᠠᠢᠨ ᠭᠦᠷᠢᠮ ᠬᠢᠭᠰᠡᠨ ᠦᠭᠡᠢ ᠭᠡᠵᠦ ᠪᠣᠳᠣᠭᠠᠳ ᠲᠡᠷᠭᠡ ᠪᠡᠨ ᠪᠠᠭᠤᠯᠭᠠᠭᠠᠳ ᠳᠣᠲᠣᠭᠰᠢ ᠪᠠᠨ ᠠᠯᠬᠤᠭᠠᠳ ᠢᠷᠡᠬᠦᠯᠡᠷ ᠭᠡᠷ ᠦ᠋ᠨ ᠢ᠋ᠶ᠋ᠡᠨ ᠪᠣᠭᠣᠨᠢ ᠰᠠᠷᠠᠪᠴᠢ ᠪᠠᠷ ᠡᠭᠦᠳᠡᠨ ᠦ᠌ ᠪᠡᠨ ᠡᠯᠬᠡᠭ( ᠪᠣᠱᠣᠭ᠎ᠠ ) ᠬᠦᠷᠲᠡᠯ᠎ᠡ ᠰᠠᠢᠬᠠᠨ ᠪᠠᠷ᠎ᠠ ᠬᠠᠷᠠᠬᠤᠯᠠᠷ ᠂ᠡᠭᠦᠳᠡ ᠶ᠋ᠢ ᠲᠦᠯᠬᠢᠭᠡᠳ ᠣᠷᠣᠵᠤ ᠢᠷᠡᠬᠦ ᠡᠴᠡ ᠤᠷᠢᠳ ᠨᠡᠭᠡᠭᠡᠵᠦ ᠪᠠᠢᠨ᠎ᠠ ᠂ ᠦᠵᠡᠬᠦ ᠳ᠋ᠦ᠍ ᠭᠤᠲᠤᠯ ᠤ᠋ᠨ ᠲᠦᠷᠡᠢ ᠦᠵᠡᠭᠳᠡᠵᠦ ᠪᠠᠢᠨ᠎ᠠ ᠂ ᠳᠣᠲᠣᠭᠰᠢ ᠠᠯᠬᠤᠭᠠᠳ ᠣᠷᠣᠭᠠᠳ ᠢᠷᠡᠬᠦ ᠳ᠋ᠦ᠍ ᠪᠠᠢᠨ᠎ᠠ ᠤᠤ? ᠰᠠᠭᠰᠤᠨ ᠤ᠋ ᠳᠣᠣᠷ᠎ᠠ ᠰᠢᠪ ᠰᠢᠷᠠᠯᠠᠭᠠᠳ ᠪᠡᠭᠡᠵᠢᠩ ᠯᠠᠮᠠ ᠶ᠋ᠢᠨ ᠬᠣᠷᠮᠣᠢ ᠨᠢ ᠦᠵᠡᠭᠳᠡᠵᠦ ᠪᠠᠢᠨ᠎ᠠ ᠂ ᠥᠷᠥᠭᠡ ᠳ᠋ᠡᠭᠡᠨ ᠣᠷᠣᠵᠤ ᠥᠩᠭᠡ ᠨᠢᠭᠤᠷ ᠲᠤ᠌ ᠶᠡᠬᠡᠯ᠎ᠡ ᠪᠠᠶᠠᠷ ᠦᠭᠡᠢ ᠂ ᠵᠢᠦ ᠶᠦᠸᠧ ᠦᠵᠡᠨᠡᠷᠡᠨ ᠮᠡᠩᠳᠦᠷᠡᠴᠢᠬᠡᠬᠦ ᠦᠭᠡᠢ ᠤᠤ ᠳᠠ ᠂ ᠳᠠᠩᠵᠢᠶᠠᠳ ᠠ᠋ ᠬᠣᠯᠠ ᠵᠠᠮ ᠢ᠋ᠶ᠋ᠠᠨ ᠬᠥᠭᠡᠭᠡᠭᠡᠳ ᠴᠢ ᠶᠠᠳᠠᠷᠠᠭᠰᠠᠨ ᠶᠤᠮ ᠠ᠋ ᠂ ᠴᠢ ᠨᠢᠭᠡ ᠦᠵᠡ ᠳᠡ᠂ ᠬᠣᠪᠢᠨ ᠤ᠋ ᠪᠡᠶ᠎ᠡ ᠴᠢᠨᠢ ᠪᠢ ᠪᠠᠷᠤᠭ ᠡᠨᠡ ᠡᠳᠦᠷ ᠢᠷᠡᠨ᠎ᠡ ᠪᠠ ᠭᠡᠳ ᠡᠨᠡ ᠪᠡᠯᠡᠳᠬᠡᠭᠰᠡᠨ ᠢ᠋ ᠦᠵᠡ ᠂ ᠢᠳᠡᠵᠦ ᠤᠤᠭᠤᠬᠤ ᠶᠤᠮ ᠰᠢᠦ ! ᠭᠡᠵᠦ᠂ ᠲᠡᠭᠡᠭᠡᠰᠢ ᠭᠠᠷ ᠭᠡᠳ ᠴᠢᠩᠭᠠᠭᠠᠵᠤ ᠪᠠᠢᠨ᠎ᠠ ᠲᠠᠲᠠᠵᠤ ᠪᠠᠢᠨ᠎ᠠ ᠳᠡᠭᠡᠷ᠎ᠡ ᠭᠠᠷᠭᠠᠬᠤ ᠳ᠋ᠤ᠌ ᠬᠣᠷᠯᠣ ᠨᠣᠶᠠᠨ ᠨᠢᠭᠡ ᠢᠳᠡᠬᠦ ᠰᠡᠳᠬᠢᠯ ᠦᠭᠡᠢ ᠰᠢᠦ᠂ ᠲᠦᠭᠦᠰᠢ ᠪᠡᠨ ᠲᠤᠯᠤᠭᠠᠳ ᠰᠠᠭᠤᠴᠢᠬᠠᠭᠠᠳ ᠤᠳᠠᠬᠤ ᠦᠭᠡᠢ ᠤᠳᠠᠬᠤ ᠦᠭᠡᠢ ᠬᠠᠢ ᠬᠠᠢ ᠭᠡᠳ ᠰᠠᠨᠠᠭ᠎ᠠ ᠠᠯᠳᠠᠭᠠᠳ ᠪᠠᠢᠨ᠎ᠠ ᠂ ᠡᠨᠡ ᠪᠠᠢᠳᠠᠯ ᠢ᠋ ᠦᠵᠡᠴᠢᠭᠡᠳ ᠵᠢᠦ ᠶᠦᠸᠧ ᠬᠠᠵᠠᠭᠤ ᠲᠠᠯ᠎ᠠ ᠠ᠋ᠴᠠ ᠨᠢ ᠬᠡᠯᠡᠵᠦ ᠪᠠᠢᠨ᠎ᠠ
ᠶ᠋ᠢᠨ ᠵᠧᠦ ᠬᠣᠲᠠᠨ ᠳ᠋ᠤ᠌ ᠪᠠᠨ ᠴᠢ ᠳᠡ ᠣᠴᠢᠯ᠎ᠠ ᠶᠤᠮ ᠪᠠ ᠳᠠᠩᠵᠢᠶᠠᠳ ᠠ᠋ ᠬᠦᠢ
ᠵᠢᠯ ᠦ᠋ᠨ ᠵᠠᠷᠤᠬᠤ ᠵᠦᠢᠯ ᠦ᠋ᠨ ᠶᠠᠭᠤᠮ᠎ᠠ ᠪᠠᠨ ᠵᠦᠢ ᠳᠠᠷᠠᠭᠠᠯᠠᠨ ᠠᠪᠤᠭᠠᠳ ᠢᠷᠡᠵᠦ ᠪᠠ ᠬᠦᠢ ?
ᠵᠦᠢᠲᠡᠢ ᠬᠥᠮᠦᠨ ᠠ᠋ ᠵᠢᠦ ᠶᠦᠸᠧ ᠨᠠᠮ᠎ᠠ ᠶ᠋ᠢ ᠪᠡᠨ ᠵᠢᠷᠦᠬᠡᠨ ᠳ᠋ᠦ᠍ ᠪᠡᠨ ᠰᠠᠨᠠᠵᠠᠢ ᠯᠠᠪᠳᠠᠭᠤᠨ ᠠ᠋
ᠵᠢᠷᠦᠬᠡ ᠰᠡᠳᠬᠢᠯ ᠦ᠋ᠨ ᠦᠭᠡ ᠪᠡᠨ ᠵᠤᠢᠴᠢᠵᠤ ᠰᠠᠭᠤᠶ᠎ᠠ ᠳᠠ ᠪᠣᠯᠬᠤ ᠦᠭᠡᠢ ᠤᠤ ᠳᠠ
ᠬᠠᠭᠠᠯᠭ᠎ᠠ ᠬᠣᠲᠠᠨ ᠳ᠋ᠤ᠌ ᠪᠠᠨ ᠴᠢ ᠣᠴᠢᠯ᠎ᠠ ᠶᠤᠮ ᠪᠠ? ᠳᠠᠩᠵᠢᠶᠠᠳ ᠠ᠋ ᠬᠦᠢ
ᠬᠠᠪᠤᠷ ᠤ᠋ᠨ ᠵᠠᠷᠤᠬᠤ ᠵᠦᠢᠯ ᠦ᠋ᠨ ᠶᠠᠭᠤᠮ᠎ᠠ ᠶ᠋ᠢ ᠪᠡᠨ ᠬᠠᠮᠤᠭ ᠳᠠᠷᠠᠭᠠᠯᠠᠨ ᠠᠪᠤᠭᠠᠳ ᠢᠷᠡᠵᠦ ᠪᠠ ᠬᠦᠢ ?
ᠬᠠᠢᠷ᠎ᠠ ᠶ᠋ᠢᠨ ᠬᠥᠮᠦᠨ ᠠ᠋ ᠵᠢᠦ ᠶᠦᠸᠧ ᠨᠠᠮ᠎ᠠ ᠶ᠋ᠢ ᠪᠡᠨ ᠬᠠᠷᠠᠲᠠᠢ ᠰᠠᠨᠠᠵᠠᠢ ᠪᠠ ᠯᠠᠪᠳᠠᠭᠤᠨ ᠠ᠋ ᠬᠦᠢ
ᠬᠠᠷᠠᠩᠭᠤᠢ ᠣᠷᠣᠢ ᠪᠣᠯᠬᠤ ᠠ᠋ᠴᠠ ᠤᠷᠢᠲᠠᠢ ᠬᠡᠯᠡᠯᠴᠡᠵᠦ ᠰᠠᠭᠤᠶ᠎ᠠ ᠳᠠ ᠪᠣᠯᠬᠤ ᠦᠭᠡᠢ ᠤᠤ ᠳᠠ
ᠴᠢ ᠪᠠᠰᠠ ᠨᠠᠮ᠎ᠠ ᠠ᠋ᠴᠠ ᠡᠷᠢᠶᠡᠯᠡᠬᠦ ᠶᠦᠮ ᠤᠤ ? ᠶᠠᠭᠤ ᠪᠣᠳᠣᠪᠠᠯ ᠶᠠᠭᠤ ᠪᠠᠨ ᠬᠡᠯᠡᠴᠡᠭᠡᠯᠠᠢ ᠶᠠᠭᠤᠨ ᠳ᠋ᠤ᠌ ᠢᠩᠭᠢᠵᠦ ᠰᠠᠨᠠᠭ᠎ᠠ ᠠᠯᠳᠠᠭᠠᠳ ᠪᠠᠢᠬᠤ ᠶᠤᠮ ᠪᠣᠢ ᠂ ᠬᠣᠷᠯᠣ ᠨᠣᠶᠠᠨ ᠬᠡᠯᠡᠵᠦ ᠪᠠᠢᠨ᠎ᠠ᠂ ᠵᠢᠦ ᠶᠦᠸᠧ ᠪᠢ ᠡᠷᠡᠭᠡ ᠦᠭᠡᠢ ᠨᠢᠭᠡ ᠬᠡᠯᠡᠴᠢᠬᠡᠶ᠎ᠡ
ᠰᠠᠭᠰᠠᠭᠠᠷ ᠮᠣᠳᠣ ᠮᠢᠨᠢ ᠰᠠᠯᠠᠭᠠᠯᠠᠭᠠᠳ ᠤᠷᠭᠤᠭᠰᠠᠨ ᠠ᠋ᠴᠠ ᠨᠠᠭᠠᠰᠢ ᠪᠠᠨ ᠬᠦᠢ
ᠱᠠᠭᠠᠵᠠᠭᠠᠢ ᠪᠣᠯᠤᠭᠠᠳ ᠰᠢᠪᠠᠭᠤ ᠲᠠᠢ ᠪᠠᠨ ᠬᠣᠶᠠᠭᠤᠯᠠ ᠪᠠᠨ ᠴᠤᠭᠯᠠᠭ᠎ᠠ ᠨᠢᠭᠡᠲᠡᠢ ᠵᠢᠦ ᠶᠦᠸᠧ ᠠ᠋ ᠬᠦᠢ
ᠰᠠᠢᠬᠠᠨ ᠬᠥᠮᠦᠨ ᠵᠢᠦ ᠶᠦᠸᠧ ᠴᠢᠮ᠎ᠠ ᠶ᠋ᠢ ᠪᠡᠨ ᠱᠠᠭᠠᠳᠤᠯᠠᠭᠠᠳ ᠠᠪᠤᠭᠰᠠᠨ ᠠ᠋ᠴᠠ ᠨᠠᠭᠠᠰᠢ ᠪᠠᠨ
ᠰᠠᠭᠰᠤᠨ ᠤ᠋ ᠳᠣᠣᠷ᠎ᠠ ᠨᠢ ᠣᠳᠣ ᠬᠥᠮᠦᠨ ᠢ᠋ ᠳᠠᠷᠤᠬᠤ ᠳ᠋ᠤ᠌ ᠲᠤᠯᠴᠢᠬᠠᠵᠠᠢ᠃
ᠦᠷᠡᠯ ᠦ᠋ᠨ ᠰᠠᠢᠬᠠᠨ ᠮᠣᠳᠣ ᠮᠢᠨᠢ ᠦᠶᠡᠯᠡᠭᠡᠳ ᠤᠷᠭᠤᠭᠰᠠᠨ ᠠ᠋ᠴᠠ ᠨᠠᠭᠠᠰᠢ ᠪᠠᠨ ᠠ᠋ ᠬᠦᠢ
ᠡᠯᠢᠶ᠎ᠡ ᠪᠣᠯᠤᠭᠠᠳ ᠱᠠᠭᠠᠵᠠᠭᠠᠢ ᠲᠠᠢ ᠬᠣᠶᠠᠭᠤᠯᠠ ᠪᠠᠨ ᠴᠤᠭᠯᠠᠭ᠎ᠠ ᠨᠠᠢᠷᠲᠠᠢ ᠲᠠᠢ ᠵᠢᠦ ᠶᠦᠸᠧ ᠠ᠋ ᠬᠦᠢ
ᠥᠪᠡᠷ ᠦ᠋ᠨ ᠬᠥᠮᠦᠨ ᠵᠢᠦ ᠶᠦᠸᠧ ᠴᠢᠮ᠎ᠠ ᠲᠠᠢ ᠦᠰᠦ ᠬᠣᠯᠪᠣᠭᠰᠠᠨ ᠠ᠋ᠴᠠ ᠨᠠᠭᠠᠰᠢ ᠪᠠᠨ
ᠡᠭᠦᠳᠡᠨ ᠦ᠌ ᠠᠷᠤ ᠳ᠋ᠤ᠌ ᠨᠢ ᠪᠠᠰᠠ ᠬᠠᠷᠠᠭᠤᠯ ᠵᠣᠭᠰᠣᠬᠤ ᠳ᠋ᠤ᠌ ᠲᠤᠯᠵᠠᠢ ᠬᠦᠢ
ᠵᠢᠦ ᠶᠦᠸᠧ ᠣᠳᠣ ᠣᠷᠣᠬᠤ ᠭᠠᠵᠠᠷ ᠢ᠋ᠶ᠋ᠠᠨ ᠣᠯᠬᠤ ᠦᠭᠡᠢ ᠨᠢᠭᠡᠮᠦᠰᠦᠨ ᠮᠡᠩᠳᠡᠭᠦᠷᠡᠴᠢᠬᠡᠯᠡ᠃ᠠᠷᠭ᠎ᠠ ᠪᠠᠨ ᠪᠠᠷᠠᠭᠠᠳ ᠡᠢᠮᠦ ᠲᠡᠢᠮᠦ ᠭᠡᠳ ᠬᠡᠯᠡᠬᠦ ᠭᠡᠰᠡᠨ ᠳ᠋ᠦ᠍ ᠬᠣᠷᠯᠣ ᠶ᠋ᠢᠨ ᠬᠡᠯᠡᠭᠰᠡᠨ ᠦᠭᠡ ᠶ᠋ᠢ ᠰᠣᠨᠣᠰᠤᠭᠠᠳ ᠰᠠᠭᠰᠤᠨ ᠳᠣᠣᠷᠠᠬᠢ ᠪᠡᠭᠡᠵᠢᠩ ᠯᠠᠮᠠ ᠪᠠᠰᠠ ᠰᠠᠨᠳᠤᠷᠴᠢᠬᠠᠬᠤ ᠦᠭᠡᠢ ᠤᠤ ᠳᠠ? ᠨᠢᠭᠡᠮᠦᠰᠦᠨ ᠪᠠᠴᠢᠮᠳᠠᠵᠠᠢ᠃ ᠣᠳᠣ ᠶᠠᠭᠠᠬᠢᠬᠤ ᠪᠣᠢ ᠳ᠋ᠠᠭ ᠳ᠋ᠠᠭ ᠴᠡᠴᠡᠷᠡᠵᠡᠢ᠂ ᠴᠠᠭᠠᠲᠠᠢ ᠪᠡᠶ᠎ᠡ ᠳ᠋ᠦ᠍ᠨᠢ ᠪᠠᠢᠭᠰᠠᠨ ᠰᠠᠨ ᠶᠧ ᠨᠣᠶᠠᠨ ᠨᠢᠭᠡᠮᠦᠰᠦᠨ ᠴᠡᠭᠡᠵᠢ ᠰᠡᠳᠬᠢᠯ ᠦ᠋ᠨ ᠳᠣᠲᠣᠷ᠎ᠠ ᠴᠢᠬᠤᠯᠳᠠᠴᠢᠬᠠᠪᠠ᠂ ᠳ᠋ᠠᠭ ᠳ᠋ᠠᠭ ᠳ᠋ᠠᠭ ᠭᠡᠳ ᠴᠡᠴᠡᠷᠡᠭᠡᠳ ᠯᠡ ᠂ ᠪᠠᠢᠵᠤ ᠳᠠ ᠬᠠᠪᠢᠷᠭ᠎ᠠ ᠲᠠᠯ᠎ᠠ ᠳ᠋ᠤᠨᠢ ᠬᠣᠶᠠᠷ ᠪᠣᠭᠣᠵᠢ ᠲᠠᠢ ᠱᠤᠭᠠᠢ ᠪᠠᠢᠵᠠᠢ ᠡᠨᠡ ᠳ᠋ᠠᠭ ᠳ᠋ᠠᠭ ᠳ᠋ᠠᠭ ᠴᠡᠴᠡᠷᠡᠬᠦ ᠳ᠋ᠦ᠍ ᠴᠠᠭᠠᠲᠠᠢ ᠲᠠᠯ᠎ᠠ ᠶ᠋ᠢᠨ ᠱᠤᠭᠠᠢ ᠱᠤᠸᠠᠷ ᠱᠤᠸᠠᠷ ᠳᠤᠤᠭᠠᠷᠤᠭᠠᠳ ᠪᠠᠢᠨ᠎ᠠ᠂ ᠬᠣᠷᠯᠣ ᠨᠣᠶᠠᠨ ᠠᠰᠠᠭᠤᠵᠤ ᠪᠠᠢᠨ᠎ᠠ 《ᠬᠥᠶᠢ ! ᠵᠢᠦ ᠶᠦᠸᠧ ᠭᠠᠳᠠᠨ᠎ᠠ ᠲᠠᠰᠤᠯᠭ᠎ᠠ ᠭᠡᠷ ᠲᠦ᠍ ᠶᠠᠭᠤᠨ ᠤ᠋ ᠴᠢᠮᠡᠭᠡ ᠭᠠᠷᠴᠤ ᠪᠣᠢ 》 ᠂ ᠵᠢᠦ ᠶᠤᠸᠠᠢ ᠬᠡᠯᠡᠵᠦ ᠪᠠᠢᠨ᠎ᠠ 《ᠳᠠᠩᠵᠢᠶᠠᠳ ᠴᠢ ᠬᠡᠳᠦᠢ ᠬᠦᠴᠢᠷᠲᠡᠢ ᠶᠦ᠍ᠮ ᠪᠣᠢ ? ᠠᠮᠢᠳᠤᠷᠠᠨ᠎ᠠ ᠭᠡᠳᠡᠭ ᠴᠢᠨᠢ ᠢᠷᠠᠭᠤ ( ᠬᠢᠯᠪᠠᠷ )ᠦᠭᠡᠢ ᠬᠦᠢ ? ᠴᠢᠮ᠎ᠠ ᠶ᠋ᠢ ᠶᠠᠪᠤᠭᠰᠠᠨ ᠤ᠋ ᠰᠡᠭᠦᠯᠡᠷ ᠪᠢ ᠪᠠᠰᠠ ᠠᠪᠢᠰᠤᠨ ᠡᠵᠡᠨ ᠡᠴᠡ ᠬᠣᠶᠠᠷ ᠭᠠᠬᠠᠢ ᠶ᠋ᠢᠨ ᠵᠤᠯᠵᠠᠭ᠎ᠠ ᠠᠪᠴᠤ ᠢᠷᠡᠭᠡᠳ ᠡᠭᠦᠳᠡᠨ ᠠᠷᠤ ᠳ᠋ᠤ᠌ ᠤᠶᠠᠵᠤ ᠪᠠᠢᠨ᠎ᠠ᠂ ᠳᠠᠰᠤᠭᠠᠳᠤᠢ ᠪᠣᠯᠬᠣᠷ ᠠᠭᠠᠰᠢᠯᠠᠵᠤ ᠯᠠ ᠪᠠᠢᠨ᠎ᠠ ᠰᠢᠳᠡ》 ᠂ ᠬᠣᠷᠯᠣ ᠠᠷᠭ᠎ᠠ ᠦᠭᠡᠢ ᠬᠠᠷ᠎ᠠ ᠵᠢᠷᠣᠭ᠎ᠠ ᠮᠣᠷᠢ ᠤᠨᠤᠭᠰᠠᠨ ᠢ᠋ᠶ᠋ᠠᠷ ᠦᠵᠡᠬᠦᠯ᠎ᠡ ᠰᠠᠨ ᠶᠧ ᠨᠣᠶᠠᠨ ᠢᠷᠡᠵᠡᠢ ᠂ ᠺᠦᠸᠠᠩ ( ᠡᠭᠦᠷᠬᠦ ᠰᠠᠭᠰᠤ ) ᠶ᠋ᠢᠨ ᠳᠣᠣᠷ᠎ᠠ ᠳᠠᠷᠤᠭᠳᠠᠵᠤ ᠪᠠᠢᠬᠤ ᠪᠠᠷ ᠦᠵᠡᠪᠡᠯ ᠪᠡᠭᠡᠵᠢᠩ ᠯᠠᠮᠠ ᠪᠠᠰᠠ ᠢᠷᠡᠵᠡᠢ ᠂ ᠰᠠᠨ ᠶᠧ ᠨᠣᠶᠠᠨ ᠭᠡᠳᠡᠭ ᠴᠢᠨᠢ ᠡᠨᠡ ᠦᠶ᠎ᠡ ᠶ᠋ᠢᠨ ᠴᠠᠭ ᠲᠤ᠌ ᠪᠠᠨ ᠪᠣᠯ ᠵᠡᠭᠦᠨ ᠦᠵᠦᠭᠦᠷ ᠨᠢ ᠭᠢᠰᠬᠢᠪᠡᠯ ᠪᠠᠷᠠᠭᠤᠨ ᠦᠵᠦᠭᠦᠷ ᠨᠢ ᠳᠣᠯᠭᠢᠰᠤᠨᠠ᠂ ᠡᠭᠦᠨ ᠲᠡᠢ ᠪᠢ ᠡᠬᠡᠨᠡᠷ ᠦ᠋ᠨ ᠬᠡᠷᠡᠭ ᠢ᠋ᠶ᠋ᠡᠷ ᠡᠪᠳᠡᠷᠡᠭᠡᠨ ᠪᠣᠯᠪᠠᠯ ᠠᠮᠢᠳᠤᠷᠠᠬᠤ ᠳ᠋ᠤ᠌ ᠬᠦᠴᠢᠷᠲᠡᠢ᠂ ᠪᠡᠭᠡᠵᠢᠩ ᠯᠠᠮᠠ ᠭᠡᠳᠡᠭ ᠴᠢᠨᠢ ᠪᠡᠶ᠎ᠡ ᠨᠢ ᠪᠠᠭ᠎ᠠ ᠪᠣᠯᠪᠠᠴᠤ ᠪᠠᠷᠠᠭᠤᠨ ᠬᠤᠰᠢᠭᠤᠨ ᠤ᠋ ᠬᠣᠩᠬᠣᠰ ( ᠳᠡᠭᠡᠷᠡᠮ᠂ ᠲᠣᠨᠣᠭ᠎ᠠ ) ᠭᠡᠲᠡᠯ᠎ᠡ ᠵᠡᠭᠦᠨ ᠬᠤᠰᠢᠭᠤᠨ ᠤ᠋ ᠬᠣᠩᠬᠣᠰ( ᠳᠡᠭᠡᠷᠡᠮ᠂ ᠲᠤᠨᠤᠭ᠎ᠠ ) ᠭᠡᠳ ᠪᠠᠢᠭᠰᠠᠨ ᠪᠦᠭᠦᠳᠡ ᠲᠡᠢ ᠰᠠᠢᠨ ᠠᠬ᠎ᠠ ᠳᠡᠭᠦᠦ ᠲᠡᠢ ᠂ᠡᠭᠦᠨ ᠲᠡᠢ ᠮᠠᠭᠤᠳᠠᠪᠠᠯ ᠪᠠᠰᠠ ᠢᠷᠠᠭᠤ ( ᠬᠢᠯᠪᠠᠷ )ᠦᠭᠡᠢ᠂ ᠬᠣᠷᠯᠣ ᠶᠠᠪᠤᠭ ᠴᠠᠭᠠᠰᠢ ᠪᠠᠨ ᠪᠢ ᠴᠢᠳᠠᠯ ᠦᠭᠡᠢ ᠲᠥᠷᠥᠭᠰᠡᠨ ᠶᠦᠮ ᠴᠢᠨᠢ ᠰᠠᠨᠠᠭ᠎ᠠ ᠪᠠᠷ ᠢ᠋ᠶ᠋ᠠᠨ ᠪᠤᠯᠠᠭ᠎ᠠ ᠵᠢᠦ ᠶᠦᠸᠧ ᠭᠡᠳ ᠭᠠᠷᠤᠭᠠᠳ ᠶᠠᠪᠤᠭᠠᠳ ᠥᠭᠴᠡᠢ᠂
ᠭᠠᠳᠠᠨ᠎ᠠ ᠭᠠᠷᠤᠭᠠᠳ ᠪᠢ ᠨᠢᠭᠡ ᠦᠬᠡᠷ ᠲᠦ᠍ ᠪᠡᠨ ᠡᠪᠡᠰᠦ ᠬᠠᠶᠠᠵᠤ ᠥᠭᠭᠦᠭᠡᠳ ᠡᠷᠭᠢᠭᠡᠳ ᠣᠷᠣᠵᠤ ᠢᠷᠡᠶ᠎ᠡ ᠭᠡᠳ ᠭᠠᠳᠠᠨ᠎ᠠ ᠭᠠᠷᠤᠭᠰᠠᠨ ᠬᠣᠭᠣᠷᠣᠨᠳᠣ ᠵᠢᠦ ᠶᠦᠸᠧ ᠡᠨᠡ ᠬᠣᠶᠠᠷ ᠢ᠋ ᠶᠠᠭᠠᠬᠢᠪᠠᠯ ᠲᠠᠭᠠᠷᠠᠨ᠎ᠠ ᠭᠡᠵᠦ ᠪᠠᠢᠲᠠᠯ᠎ᠠ ᠰᠠᠭᠰᠠᠭᠠᠷ ᠰᠠᠨ ᠶᠧ ᠳᠣᠲᠣᠷ᠎ᠠ ᠪᠠᠨ ᠰᠠᠨᠠᠵᠤ ᠭᠡᠨ᠎ᠡ᠂ ᠡᠭᠦᠳᠡᠨ ᠠᠷᠤ ᠳ᠋ᠤ᠌ ᠵᠣᠭᠰᠣᠬᠤ ᠡᠨᠡ ᠥᠩᠭᠡᠷᠡᠦ ᠰᠠᠢᠨ ᠮᠠᠢᠮᠠᠢ ᠪᠢᠰᠢ ᠭᠡᠳ ᠡᠭᠦᠳᠡᠨ ᠠᠷᠤ ᠠ᠋ᠴᠠ ᠪᠠᠨ ᠭᠦᠶᠦᠵᠦ ᠭᠠᠷᠴᠤ ᠢᠷᠡᠭᠰᠡᠨ ᠂ ᠬᠠᠰᠢ ᠯᠠ ᠬᠥᠮᠦᠨ ᠦ᠌ ᠪᠡᠭᠡᠵᠢᠩ ᠯᠠᠮᠠ ᠬᠡᠳᠦᠢ ᠯᠠᠪ ᠯᠠᠪᠳᠠᠭᠤᠨ ᠪᠠᠢᠨ᠎ᠠ 《 ᠪᠢ ᠡᠨᠡ ᠰᠠᠭᠰᠤᠨ ᠤ᠋ ᠬᠢᠨᠢ ᠳᠣᠣᠷ᠎ᠠ ᠣᠷᠣᠶ᠎ᠠ》 ᠭᠡᠳ ᠠᠷᠭᠠᠯ ᠤ᠋ᠨ ᠺᠦᠸᠠᠩ ( ᠡᠭᠦᠷᠬᠦ ᠰᠠᠭᠰᠤ ) ᠠ᠋ᠴᠠ ᠢᠷᠡᠭᠡᠳ ᠴᠢᠩᠭᠠᠭᠠᠭᠰᠠᠨ ᠴᠢᠨᠢ ᠪᠠᠢᠵᠤ ᠤᠤ ᠳᠠ? ᠪᠡᠭᠡᠵᠢᠩ ᠯᠠᠮᠠ ᠪᠠᠰᠠ ᠲᠠᠯᠪᠢᠵᠤ ᠥᠭᠬᠦ ᠦᠭᠡᠢ ᠦᠬᠦᠨ ᠵᠢᠭᠤᠷᠠᠭᠠᠳ᠂ ᠶᠠᠭᠠᠬᠢᠪᠠᠴᠤ ᠥᠭᠬᠦ ᠦᠭᠡᠢ ᠪᠣᠯᠬᠣᠷ ᠰᠠᠨᠳᠤᠷᠴᠢᠬᠠᠵᠠᠢ ᠰᠠᠭᠰᠠᠭᠠᠷ ᠰᠠᠨ ᠶᠧ ᠭᠤᠶᠤᠵᠤ ᠪᠠᠢᠨ᠎ᠠ᠃
ᠰᠠᠢᠬᠠᠨ ᠬᠥᠮᠦᠨ ᠳᠡ ᠵᠢᠦ ᠶᠦᠸᠧ ᠳ᠋ᠦ᠍ ᠪᠡᠨ ᠰᠠᠩᠯᠣᠭᠳᠠᠬᠤ ( ᠥᠭᠡᠢᠬᠢᠭᠲᠦᠨ )ᠭᠡᠵᠦ ᠪᠠᠢᠨ᠎ᠠ ᠬᠣᠶᠠᠭᠤᠯᠠ ᠪᠠᠨ ᠬᠦᠢ
ᠰᠠᠨᠠᠭᠠᠨ ᠳ᠋ᠤ᠌ ᠦᠭᠡᠢ ᠤᠴᠢᠷ ᠴᠢᠨᠢ ᠪᠣᠯᠪᠠᠯ ᠭᠠᠷᠬᠤ ᠭᠡᠳ ᠪᠠᠢᠨ᠎ᠠ ᠬᠦᠢ
ᠰᠠᠭᠰᠤᠨ ᠤ᠋ ᠠᠮᠠᠰᠠᠷ ᠢ᠋ ᠬᠢᠨ ᠨᠡᠬᠡᠭᠡᠳ ᠯᠡ ᠥᠭ ᠳᠡ ᠭᠤᠶᠤᠵᠤ ᠪᠠᠢᠨ᠎ᠠ
ᠰᠠᠨᠠᠭ᠎ᠠ ᠪᠣᠳᠣᠭᠰᠠᠨ ᠰᠠᠢᠨ ᠢ᠋ ᠴᠢᠨᠢ ᠪᠢ ᠬᠣᠵᠢᠮ ᠡᠳᠦᠷ ᠲᠦ᠍ ᠪᠡᠨ ᠬᠠᠷᠢᠭᠤᠯᠬᠤ ᠦᠭᠡᠢ ᠤᠤ ᠳᠠ ᠬᠦᠢ
ᠡᠨᠡ ᠬᠥᠮᠦᠨ ᠳᠡ ᠬᠣᠷᠯᠣ ᠳ᠋ᠤ᠌ ᠪᠠᠨ ᠦᠭᠡᠢ ᠬᠢᠭᠳᠡᠬᠦ ᠭᠡᠵᠦ ᠪᠠᠢᠨ᠎ᠠ ᠬᠣᠶᠠᠭᠤᠯᠠ ᠪᠠᠨ ᠬᠦᠢ
ᠥᠪᠡᠷ ᠦ᠋ᠨ ᠪᠡᠶ᠎ᠡ ᠰᠠᠨ ᠶᠧ ᠶ᠋ᠢ ᠥᠷᠥᠰᠢᠶᠡᠴᠢᠬᠡ ᠳᠡ ᠪᠡᠭᠡᠵᠢᠩ ᠲᠠ ᠬᠦᠢ
ᠡᠭᠦᠷᠬᠦ ᠺᠦᠸᠠᠩ ᠤ᠋ᠨ ᠠᠮᠠᠰᠠᠷ ᠢ᠋ᠶ᠋ᠠᠨ ᠨᠡᠭᠡᠭᠡᠭᠡᠳ ᠥᠭ ᠳᠡ ᠭᠤᠶᠤᠵᠤ ᠪᠠᠢᠨ᠎ᠠ
ᠥᠪᠡᠷ ᠦ᠋ᠨ ᠰᠠᠨᠠᠭᠰᠠᠨ ᠰᠠᠢᠨ ᠢ᠋ ᠴᠢᠨᠢ ᠪᠣᠯᠪᠠᠯ ᠬᠣᠢᠰᠢ ᠡᠳᠦᠷ ᠲᠦ᠍ ᠪᠡᠨ ᠬᠠᠷᠢᠭᠤᠯᠬᠤ ᠦᠭᠡᠢ ᠤᠤ ᠳᠠ
ᠢᠩᠭᠢᠪᠡᠴᠦ ᠦᠬᠦᠪᠡᠴᠦ ᠲᠠᠯᠪᠢᠬᠤ ᠦᠭᠡᠢ ᠪᠡᠭᠡᠵᠢᠩ ᠯᠠᠮᠠ ᠂ ᠬᠣᠶᠠᠭᠤᠯᠠ ᠪᠠᠨ ᠢᠩᠭᠢᠭᠡᠳ ᠰᠠᠭᠰᠤ ᠪᠤᠯᠢᠶᠠᠯᠴᠠᠭᠠᠳ ᠭᠠᠳᠠᠨ᠎ᠠ ᠲᠠᠰᠤᠯᠭ᠎ᠠ ᠳ᠋ᠤ᠌ ᠴᠢᠨᠢ ᠳᠢᠭᠯᠢᠮ ᠦᠭᠡᠢ ᠪᠣᠯᠵᠠᠢ ᠂ ᠭᠡᠳ ᠵᠢᠦ ᠶᠦᠸᠧ ᠠᠷᠭ᠎ᠠ ᠦᠭᠡᠢ《ᠲᠠ ᠬᠣᠶᠠᠭᠤᠯᠠ ᠮᠠᠯ ᠰᠢᠦ ᠂ᠮᠠᠯ ᠠ᠋ ᠪᠤᠤ ᠪᠤᠯᠢᠶᠠᠯᠴᠠ ! ᠪᠣᠰ ! 》ᠥᠪᠡᠷ ᠦ᠋ᠨ ᠡᠷᠬᠡ ᠦᠭᠡᠢ ᠬᠣᠶᠠᠭᠤᠯᠠᠨ ᠠᠶᠤᠵᠤ ᠂ ᠣᠢᠪ ᠣᠯᠢᠭᠠᠳ ᠰᠠᠭᠰᠤᠨ ᠤ᠋ ᠳᠣᠣᠷ᠎ᠠ ᠠ᠋ᠴᠠ ᠪᠡᠭᠡᠵᠢᠩ ᠯᠠᠮᠠ ᠭᠠᠷᠤᠭᠠᠳ ᠢᠷᠡᠪᠡ ᠃《 ᠶᠠᠭᠠᠬᠢᠬᠤ ᠶᠤᠮ ᠪᠣᠢ?》 ᠴᠠᠭᠠᠲᠠᠢ ᠠ᠋ᠴᠠ ᠰᠠᠨ ᠶᠧ ᠨᠣᠶᠠᠨ ᠱᠣᠪ ᠱᠣᠯᠣᠢᠭᠠᠳ ᠢᠷᠡᠲᠡᠯ᠎ᠡ ᠂ 《ᠨᠠᠭᠠᠰᠢ ᠣᠷᠣᠵᠤ ᠢᠷ᠎ᠡ !》 ᠳᠠᠭᠠᠭᠠᠳ ᠣᠷᠣᠵᠤ ᠢᠷᠡᠵᠡᠢ ᠃ ᠫᠠᠯᠠᠩ ( ᠭᠠᠵᠠᠷ ) ᠤ᠋ᠨ ᠢ᠋ᠶ᠋ᠠᠨ ᠭᠣᠣᠯ ᠳ᠋ᠤ᠌ ᠨᠢ ᠠᠪᠴᠤ ᠢᠷᠭᠡᠳ ᠭᠠᠬᠠᠢ ᠠᠯᠠᠬᠤ ᠱᠠᠷ ᠭᠡᠮ ᠴᠢᠨᠳᠣᠣ ᠪᠠᠷᠢᠭᠠᠳ ᠡᠭᠦᠨ ᠢ᠋ ᠵᠠᠭᠤ ᠂ ᠪᠡᠭᠡᠵᠢᠩ ᠯᠠᠮᠠ ᠪᠡᠶ᠎ᠡ ᠪᠠᠭ᠎ᠠ ᠪᠣᠯᠪᠠᠴᠤ ᠶᠠᠭᠤᠨ ᠳ᠋ᠤ᠌ ᠴᠤ᠌ ᠬᠤᠷᠴᠠ ᠂ ᠱᠠᠪ ᠭᠡᠲᠡᠯ᠎ᠡ ᠪᠠᠷᠢᠭᠤᠯ ᠠ᠋ᠴᠠ ᠨᠢ ᠵᠠᠭᠤᠭᠠᠳ ᠠᠪᠤᠭᠰᠠᠨ᠂ ᠰᠠᠨ ᠶᠧ ᠨᠣᠶᠠᠨ ᠡᠷᠬᠢᠮ ᠵᠡᠷᠭᠡ ᠲᠡᠢ ᠭᠡᠳ ᠠᠷᠭ᠎ᠠ ᠪᠠᠢᠨ᠎ᠠ ᠤᠤ ? ᠭᠠᠴᠢᠭᠳᠠᠭᠰᠠᠨ ᠂ ᠥᠪᠡᠷᠲᠡᠭᠡᠨ ᠡᠷᠢᠭᠰᠡᠨ ᠵᠣᠪᠠᠯᠠᠩ ᠶᠤᠮ ᠰᠢᠪ ᠦᠵᠦᠭᠦᠷ ᠡᠴᠡ ᠨᠢ ᠳᠢᠩᠭᠢᠷ ᠭᠡᠲᠡᠯ᠎ᠡ ᠬᠠᠵᠠᠭᠠᠳ ᠠᠪᠴᠠᠢ ᠃
ᠬᠣᠷᠯᠣ ᠨᠣᠶᠠᠨ ᠬᠡᠳᠦᠢ ᠬᠦᠯᠢᠶᠡᠭᠡᠳ ᠪᠣᠳᠣᠵᠠᠢ ᠂ᠬᠣᠶᠠᠭᠤᠯᠠ ᠶ᠋ᠢ ᠬᠣᠢᠰᠢ ᠪᠠᠨ ᠶᠠᠪᠤᠭᠤᠯᠴᠢᠬᠠᠪᠠ ᠰᠢᠳᠡ ᠭᠡᠳ ᠬᠠᠭᠠᠯᠭ᠎ᠠ ᠶ᠋ᠢ ᠲᠦᠯᠬᠢᠭᠡᠳ ᠣᠷᠣᠵᠤ ᠢᠷᠡᠬᠦᠯᠠᠢ ᠪᠠᠢᠨ᠎ᠠ ᠤᠤ ᠳᠠ ? ᠬᠣᠶᠠᠭᠤᠯᠠ ᠪᠠᠨ ᠭᠣᠣᠪ ᠭᠣᠵᠣᠢᠭᠠᠳ ᠰᠥᠭᠥᠳᠴᠦ ᠪᠠᠢᠨ᠎ᠠ ᠰᠢᠦ ᠂ ᠪᠠᠷᠠᠪᠠ ᠠ᠋! ᠡᠨᠡ ᠣᠳᠣ ᠶᠠᠭᠤ ᠪᠣᠯᠴᠢᠬᠠᠭᠰᠠᠨ ᠪᠣᠢ? ᠦᠭᠡ ᠳᠠᠭᠤ ᠦᠭᠡᠢ ᠪᠡᠷ ᠬᠠᠪᠢᠷᠭ᠎ᠠ ᠲᠠᠯ᠎ᠠ ᠪᠠᠷ ᠨᠢ ᠠᠯᠬᠤᠭᠠᠳ ᠬᠠᠨᠵᠤᠨ ᠭᠣᠣᠯ ᠳ᠋ᠤ᠌ ᠪᠠᠨ ᠭᠠᠷᠴᠤ ᠢᠷᠡᠵᠦ ᠰᠠᠭᠤᠭᠠᠳ ᠦᠵᠡᠭᠰᠡᠨ ᠦᠭᠡᠢ ᠬᠥᠮᠦᠨ ᠠᠳᠠᠯᠢ ᠪᠠᠢᠵᠤ ᠪᠠᠢᠲᠠᠯ᠎ᠠ ᠬᠠᠵᠠᠭᠤ ᠲᠠᠯ᠎ᠠ ᠠ᠋ᠴᠠ ᠨᠢ ᠵᠢᠦ ᠶᠦᠸᠧ ᠢᠢᠨᠢᠶᠡᠴᠢᠬᠡᠭᠡᠳ ᠬᠡᠯᠡᠵᠦ ᠪᠠᠢᠨ᠎ᠠ ᠭᠡᠨ᠎ᠡ ᠃
ᠠᠳᠠᠯ ᠤ᠋ᠨ ᠡᠵᠡᠨ ᠠ᠋ ᠬᠣᠷᠯᠣ ᠶᠠ ᠴᠢ ᠠᠬᠤ ᠴᠤ᠌ ᠠᠭᠤᠵᠢᠭᠤ ᠰᠡᠳᠬᠢᠯ ᠲᠡᠢ
ᠠᠪᠤᠭᠰᠠᠨ ᠡᠬᠡᠨᠡᠷ ᠵᠢᠦ ᠶᠦᠸᠧ ᠴᠢᠨᠢ ᠳᠡ ᠮᠡᠳᠡᠭᠦᠯᠵᠦ ᠪᠠᠢᠨ᠎ᠠ ᠴᠢᠮ᠎ᠠ ᠳ᠋ᠤ᠌ ᠪᠠᠨ
ᠠᠳᠠᠯ ᠭᠡᠷ ᠦ᠋ᠨ ᠱᠠᠯᠠ ᠳ᠋ᠤ᠌ ᠰᠥᠭᠥᠳᠴᠦ ᠪᠠᠢᠬᠤ ᠡᠨᠡ ᠬᠣᠶᠠᠭᠤᠯᠠ ᠳᠠ
ᠠᠪᠤ ᠪᠣᠯᠤᠭᠠᠳ ᠮᠥᠮᠥ ᠬᠣᠶᠠᠭᠤᠯᠠ ᠳ᠋ᠤ᠌ ᠪᠠᠨ ᠪᠤᠷᠤᠭᠤ ᠪᠠᠨ ᠬᠢᠵᠡᠢ ᠯᠠᠪᠳᠠᠭᠤᠨ ᠠ᠋ ᠬᠦᠢ
ᠡᠷᠦᠬᠡ ᠶ᠋ᠢᠨ ᠡᠵᠡᠨ ᠬᠣᠷᠯᠣ ᠲᠠ ᠴᠢᠨᠢ ᠦᠨᠡᠬᠡᠷ ᠠᠭᠤᠵᠢᠭᠤ ᠰᠡᠳᠬᠢᠯ ᠲᠡᠢ ᠬᠦᠢ
ᠥᠪᠡᠷ ᠦ᠋ᠨ ᠡᠬᠡᠨᠡᠷ ᠵᠢᠦ ᠶᠦᠸᠧ ᠴᠢᠨᠢ ᠮᠡᠳᠡᠭᠦᠯᠵᠦ ᠪᠠᠢᠨ᠎ᠠ ᠴᠢᠮ᠎ᠠ ᠳ᠋ᠤ᠌ ᠪᠠᠨ
ᠡᠷᠦᠬᠡ ᠶ᠋ᠢᠨ ᠱᠠᠯᠠ ᠳᠤᠮᠳᠠ ᠰᠥᠭᠥᠳᠴᠦ ᠪᠠᠢᠬᠤ ᠡᠨᠡ ᠬᠣᠶᠠᠭᠤᠯᠠ
ᠡᠮᠧ ᠪᠣᠯᠤᠭᠠᠳ ᠠᠪᠤ ᠳ᠋ᠤ᠌ ᠪᠠᠨ ᠪᠤᠷᠤᠭᠤ ᠪᠠᠨ ᠬᠢᠵᠡᠢ ᠯᠠᠪᠳᠠᠭᠤᠨ ᠠ᠋ ᠬᠦᠢ
ᠬᠣᠷᠯᠣ ᠨᠣᠶᠠᠨ ᠮᠥᠨ ᠦᠭᠡ ᠶ᠋ᠢ ᠰᠣᠨᠣᠰᠤᠭᠠᠳ ᠲᠡᠷᠡ ᠬᠣᠷᠣᠰᠤᠭᠰᠠᠨ ᠭᠡᠵᠦ ᠠ᠋ ᠬᠤᠯᠵᠢᠨ ᠡᠬᠡᠨᠡᠷ ᠢ᠋ ᠠᠪᠤᠨ᠎ᠠ ᠭᠡᠳᠡᠭ ᠴᠢᠨᠢ ᠬᠢᠲᠤᠭ᠎ᠠ ᠶ᠋ᠢᠨ ᠦᠵᠦᠭᠦᠷ ᠢ᠋ ᠬᠦᠵᠦᠭᠦᠨ ᠡᠴᠡ ᠪᠡᠨ ᠵᠡᠭᠦᠭᠰᠡᠨ ᠲᠡᠢ ᠨᠢᠭᠡᠯᠡ ᠠᠳᠠᠯᠢ ᠠ᠋ ! ᠠᠷᠭ᠎ᠠ ᠦᠭᠡᠢ 《 ᠬᠦᠢ ! ᠲᠠ ᠬᠣᠶᠠᠭᠤᠯᠠ ᠶᠠᠭᠠᠬᠢᠨ᠎ᠠ ᠭᠡᠰᠡᠨ ᠪᠣᠢ?》ᠪᠡᠭᠡᠵᠢᠩ ᠯᠠᠮᠠ ᠨᠢᠭᠤᠷ ᠦᠭᠡᠢ ᠰᠢᠦ ᠂ ᠦᠢᠪ ᠤᠷᠢᠳᠠᠢᠴᠢᠭᠡᠭᠡᠳ ᠤᠷᠤᠭᠤ ᠴᠢᠷᠠᠢᠯᠠᠭᠠᠳ ᠬᠡᠯᠡᠵᠦ ᠪᠠᠢᠨ᠎ᠠ《 ᠪᠢᠳᠡ ᠨᠢᠭᠡ ᠠᠬ᠎ᠠ ᠳᠡᠭᠦᠦ ᠪᠠᠷᠢᠯᠳᠤᠶ᠎ᠠ ᠭᠡᠰᠡᠨ ᠶᠦᠮ ᠠ᠋ 》ᠬᠣᠷᠯᠣ ᠬᠡᠯᠡᠵᠦ ᠪᠠᠢᠨ᠎ᠠ 《ᠠᠶ᠎ᠠ ᠠᠬ᠎ᠠ ᠳᠡᠭᠦᠦ ᠪᠠᠷᠢᠯᠳᠤᠬᠤ ᠴᠢᠨᠢ ᠭᠡᠷ ᠲᠡᠭᠡᠨ ᠪᠠᠢᠬᠤ ᠦᠭᠡᠢ ᠬᠥᠮᠦᠨ ᠦ᠌ ᠳ᠋ᠦ᠍ ᠢᠷᠡᠵᠦ ᠪᠠᠷᠢᠬᠤ ᠤᠤ ᠳᠠ! ᠲᠡᠭᠡᠬᠦᠯᠡᠷ ᠲᠠ ᠬᠣᠶᠠᠭᠤᠯᠠ ᠪᠠᠨ ᠪᠣᠰ ᠠ᠋ ᠪᠣᠰ ᠠᠬ᠎ᠠ ᠳᠡᠭᠦᠦ ᠪᠠᠷᠢᠬᠤ ᠴᠢᠨᠢ ᠨᠡᠩ ᠠᠷᠪᠢᠨ ᠬᠥᠮᠦᠨ ᠪᠣᠯ ᠰᠠᠢᠨ ᠦᠭᠡᠢ ᠤᠤ ᠳᠠ ᠪᠢᠳᠡ ᠭᠤᠷᠪᠠᠭᠤᠯᠠ ᠪᠠᠨ ᠠᠬ᠎ᠠ ᠳᠡᠭᠦᠦ ᠪᠠᠷᠢᠴᠢᠬᠠᠶ᠎ᠠ ᠂ ᠣᠢᠪ ᠤᠯᠢᠭᠠᠳ ᠬᠣᠶᠠᠭᠤᠯᠠ ᠪᠠᠨ ᠪᠠᠰᠠ ᠨᠢᠭᠤᠷ ᠦᠭᠡᠢ ᠰᠢᠦ ᠪᠣᠯᠤᠨ᠎ᠠ ᠭᠡᠳ ᠪᠣᠰᠴᠢᠬᠠᠭᠰᠠᠨ ᠶᠤᠮ ᠂ ᠪᠣᠷᠣ ᠪᠣᠭᠵᠣᠢᠭᠠᠳ ᠪᠠᠷᠠᠭᠤᠨ ᠵᠡᠭᠦᠨ ᠲᠠᠯ᠎ᠠ ᠳ᠋ᠤᠨᠢ ᠰᠠᠭᠤᠭᠠᠳ ᠨᠠᠰᠤ ᠵᠢᠯ ᠢ᠋ᠶ᠋ᠡᠨ ᠲᠣᠭᠠᠯᠠᠭᠠᠳ ᠦᠵᠡᠬᠦᠯᠡᠷ ᠠᠯᠢᠨ ᠠ᠋ᠴᠠ ᠨᠢ ᠴᠦ᠍ ᠠᠬ᠎ᠠ ᠨᠢ ᠪᠣᠯᠪᠠᠯ ᠬᠣᠷᠯᠣ ᠬᠣᠶᠠᠳᠤᠭᠠᠷ ᠨᠢ ᠰᠠᠭᠰᠠᠭᠠᠷ ᠰᠠᠨ ᠶᠧ ᠭᠤᠷᠪᠠᠳᠤᠭᠠᠷ ᠨᠢ ᠪᠡᠭᠡᠵᠢᠩ ᠯᠠᠮᠠ ᠢᠩᠭᠢᠭᠡᠳ ᠭᠤᠷᠪᠠᠭᠤᠯᠠ ᠪᠠᠨ ᠠᠬ᠎ᠠ ᠳᠡᠭᠦᠦ ᠪᠠᠷᠢᠭᠰᠠᠨ ᠠᠷᠢᠬᠢ ᠪᠠᠨ ᠤᠤᠭᠤᠵᠤ ᠪᠠᠷᠠᠭᠰᠠᠨ ᠤ᠋ ᠰᠡᠭᠦᠯᠡᠷ ᠬᠤᠪᠢ ᠬᠣᠪᠢᠨ ᠤ᠋ ᠵᠠᠮ ᠢ᠋ᠶ᠋ᠠᠨ ᠬᠥᠭᠡᠭᠡᠬᠦ ᠦᠭᠡᠢ ᠤᠤ ᠳᠠ᠂ ᠬᠤᠪᠢ ᠬᠣᠪᠢᠨ ᠤ᠋ ᠵᠠᠮ ᠢ᠋ᠶ᠋ᠠᠨ ᠬᠥᠭᠡᠭᠡᠬᠦ ᠪᠡᠷ ᠭᠠᠷᠤᠭᠠᠳ ᠢᠷᠡᠬᠦᠯᠡᠷ ᠂ ᠬᠣᠪᠢᠨ ᠤ᠋ ᠪᠡᠶ᠎ᠡ ᠨᠢ ᠵᠢᠦ ᠶᠦᠸᠧ ᠪᠠᠰᠠ ᠠᠷᠤᠨ ᠠ᠋ᠴᠠ ᠨᠢ ᠳᠠᠭᠠᠭᠠᠳ ᠮᠣᠷᠳᠠᠭᠤᠯᠴᠢᠬᠠᠯᠠ᠂《 ᠴᠢᠯᠥᠭᠡ ᠵᠠᠪ ᠢ᠋ᠶ᠋ᠠᠷ ᠢ᠋ᠶ᠋ᠠᠨ ᠲᠣᠭᠣᠷᠢᠬᠤ ᠪᠠᠷ ᠢᠷ᠎ᠡ ᠂ ᠰᠠᠢᠬᠠᠨ ᠮᠡᠨᠳᠦ ᠶ᠋ᠢ ᠡᠷᠢᠬᠦ ᠪᠡᠷ ᠢᠷ᠎ᠡ 》 ᠭᠡᠬᠦᠯᠡᠷ ᠬᠣᠶᠠᠭᠤᠯᠠ ᠪᠠᠨ ᠡᠷᠭᠢᠭᠡᠳ ᠬᠣᠷᠣᠰᠤᠯ ᠪᠣᠯᠤᠭᠠᠳ ᠦᠭᠭᠦᠭᠰᠡᠨ ᠶᠦ᠍ᠮ ᠂ ᠪᠡᠭᠡᠵᠢᠩ ᠯᠠᠮᠠ ᠪᠣᠷᠣ ᠰᠠᠭᠠᠷᠠᠯ ᠲᠣᠵᠢᠩ ᠮᠣᠷᠢᠨ ᠳ᠋ᠤ᠌ ᠪᠠᠨ ᠮᠣᠷᠳᠠᠴᠢᠬᠠᠭᠰᠠᠨ ᠪᠤᠷᠤᠭᠤ ᠬᠠᠨᠳᠤᠭᠠᠳ ᠵᠢᠦ ᠶᠤᠸᠠᠢ ᠶ᠋ᠢ ᠬᠠᠷᠢᠶᠠᠵᠤ ᠪᠠᠢᠨ᠎ᠠ
ᠪᠣᠷᠣ ᠰᠠᠭᠠᠷᠠᠯ ᠮᠣᠷᠢᠨ ᠤ᠋ ᠪᠠᠨ ᠳᠡᠭᠡᠷ᠎ᠡ ᠮᠣᠷᠳᠠᠭᠠᠳ ᠭᠠᠷᠤᠯ᠎ᠠ ᠪᠡᠶ᠎ᠡ ᠮᠢᠨᠢ ᠠ᠋ ᠬᠦᠢ
ᠪᠦᠸᠧ ᠸᠠᠩ ᠪᠣᠯᠤᠨ ᠪᠢᠩᠲᠦ ᠶ᠋ᠢᠨ ᠬᠣᠰᠢᠭᠤ ᠶ᠋ᠢ ᠲᠣᠭᠣᠷᠢᠭᠠᠳ ᠲᠡᠭᠡᠶ᠎ᠡ ᠪᠡᠶ᠎ᠡ ᠮᠢᠨᠢ
ᠪᠦᠸᠧ ᠸᠠᠩ ᠤ᠋ᠨ ᠬᠣᠰᠢᠭᠤ ᠪᠠᠷ ᠲᠣᠭᠣᠷᠢᠵᠤ ᠯᠠ ᠪᠠᠢᠭᠠᠳ ᠪᠡᠶ᠎ᠡ ᠮᠢᠨᠢ ᠳᠡ ᠬᠦᠢ
ᠪᠣᠯᠤᠮᠠᠷ ᠰᠢᠭ᠋ ᠠᠬ᠎ᠠ ᠳᠡᠭᠦᠦ ᠪᠡᠨ ᠠᠪᠴᠢᠷᠠᠵᠤ ᠪᠠᠢᠭᠠᠳ
ᠪᠠᠭᠠᠯᠵᠠᠭᠤᠷ ᠢ᠋ ᠴᠢᠨᠢ ᠲᠠᠰᠤᠯᠠᠬᠤ ᠦᠭᠡᠢ ᠪᠡᠷ ᠲᠠᠯᠪᠢᠨ᠎ᠠ ᠤᠤ ᠳᠠ ᠬᠦᠢ
ᠬᠠᠷ᠎ᠠ ᠰᠠᠭᠠᠷᠠᠯ ᠮᠣᠷᠢᠨ ᠳ᠋ᠠᠭᠠᠨ ᠮᠣᠷᠳᠠᠭᠠᠳ ᠭᠠᠷᠤᠯ᠎ᠠ ᠰᠠᠨ ᠶᠧ ᠳᠡ ᠬᠦᠢ
ᠬᠣᠪᠢᠨ ᠤ᠋ ᠰᠠᠭᠤᠭᠰᠠᠨ ᠬᠣᠰᠢᠭᠤ ᠵᠠᠰᠠᠭ ᠲᠤ᠌ ᠪᠠᠨ ᠬᠣᠢᠰᠢ ᠪᠠᠨ ᠶᠠᠪᠤᠨ᠎ᠠ ᠪᠡᠶ᠎ᠡ ᠮᠢᠨᠢ
ᠬᠣᠪᠢᠨ ᠤ᠋ ᠰᠠᠭᠤᠭᠰᠠᠨ ᠬᠠᠤᠯᠢ ᠶ᠋ᠢᠨ ᠭᠠᠵᠠᠷ ᠲᠤ᠌ ᠪᠠᠨ ᠬᠦᠷᠦᠭᠰᠡᠨ ᠦ᠌ ᠰᠡᠭᠦᠯᠡᠷ ᠬᠦᠢ
ᠬᠣᠪᠢᠨ ᠤ᠋ ᠴᠢᠨᠢ ᠡᠷ᠎ᠡ ᠬᠣᠷᠯᠣ ᠶ᠋ᠢ ᠳᠡ ᠬᠣᠣᠷᠯᠠᠬᠤ ᠦᠭᠡᠢ ᠪᠡᠷ ᠶᠠᠭᠠᠬᠢᠪᠠᠴᠤ ᠲᠠᠯᠪᠢᠨ᠎ᠠ ᠤᠤ ᠳᠠ ᠬᠦᠢ
ᠵᠠ ! ᠠᠯᠢᠶ᠎ᠠ ᠵᠠᠳᠠᠭᠠᠢ ᠶᠠᠪᠤᠭᠠᠳ ᠠᠯᠢᠨ ᠳ᠋ᠤᠨᠢ ᠴᠤ᠌ ᠭᠡᠳ ᠰᠠᠢᠨ ᠦᠭᠡᠢ ᠪᠣᠯᠵᠠᠢ ᠂ ᠵᠢᠦ ᠶᠤᠸᠠᠢ ᠠᠯᠢᠨ ᠠ᠋ᠴᠠ ᠨᠢ ᠪᠣᠯᠪᠠᠴᠤ ᠠᠶᠤᠨ᠎ᠠ ᠂ ᠠᠮᠢᠨ ᠤ᠋ ᠶᠠᠪᠤᠭᠰᠠᠨ ᠳ᠋ᠤ᠌ ᠪᠠᠨ ᠭᠣᠮᠣᠳᠠᠭᠠᠳ ᠰᠠᠭᠤᠵᠤ ᠭᠡᠨ᠎ᠡ᠃
ᠦᠰᠦᠭ ᠠᠮᠢᠯᠠᠭᠤᠯᠵᠤ ᠬᠠᠲᠠᠭᠰᠠᠨ ᠨᠢ ᠄ ᠭᠠᠸᠠ
ᠬᠢᠨᠠᠭᠴᠢ ᠪᠠᠭᠰᠢ ᠄ ᠬᠥᠬᠡ ᠮᠣᠩᠭᠣᠯ᠂ ᠮᠡᠷᠭᠡᠨ᠂ ᠡᠩᠬᠡᠮᠡᠨᠳᠦ
ᠪᠢᠴᠢᠯᠭᠡ ᠵᠢᠷᠤᠭ ᠄ ᠳᠥᠭᠥᠮ ᠬᠠᠲᠠᠮᠠᠯ ᠴᠤᠭᠯᠠᠷᠠᠯ ᠨᠠᠢᠷᠠᠭᠤᠯᠪᠠ