ᠰᠢᠨ᠎ᠡ ᠠᠰᠠᠷ ᠤ᠋ᠨ ᠮᠢᠯᠢᠶᠠᠯᠭ᠎ᠠ-ᠰᠠ᠊·ᠠᠯᠲᠠᠨᠰᠦ᠋ᠬᠡШинэ Асарын мялаалга-С· Алтансүх
ᠰᠢᠨ᠎ᠡ ᠠᠰᠠᠷ ᠤ᠋ᠨ ᠮᠢᠯᠢᠶᠠᠯᠭ᠎ᠠ
ᠰᠠ᠊·ᠠᠯᠲᠠᠨᠰᠦ᠋ᠬᠡ
ᠵᠧ᠂ ᠡᠩᠬᠡ ᠰᠠᠢᠬᠠᠨ ᠠᠮᠤᠭᠤᠯᠤᠩᠬᠠᠨ ᠪᠣᠯᠲᠤᠭᠠᠢ
ᠠᠷᠢᠭᠤᠨ ᠢᠳᠡᠭᠡᠨ ᠦ᠌ ᠳᠡᠭᠡᠵᠢ ᠪᠡᠨ
ᠠᠭᠠᠷ ᠲᠩᠷᠢ ᠳ᠋ᠡᠭᠡᠨ ᠡᠷᠭᠦᠶᠦ
ᠠᠯᠢᠪᠠ ᠰᠠᠢᠬᠠᠨ ᠤ᠋ ᠪᠡᠯᠭᠡ ᠶ᠋ᠢ
ᠠᠮᠠᠨ ᠢᠷᠦᠭᠡᠯ ᠢ᠋ᠶ᠋ᠡᠷ ᠬᠤᠷᠤᠢᠯᠠᠶᠤ
ᠢᠳᠡᠭᠡᠨ ᠦ ᠰᠢᠮ᠎ᠡ ᠲᠠᠢ ᠳᠡᠭᠡᠵᠢ ᠪᠠᠨ
ᠢᠷᠦᠭᠡᠯᠲᠤ ᠲᠩᠷᠢ ᠳᠤ ᠪᠡᠨ ᠡᠷᠭᠦᠶᠦ
ᠢᠷᠡᠬᠦ ᠮᠠᠷᠭᠠᠰᠢ ᠶ᠋ᠢᠨ ᠰᠠᠢᠬᠠᠨ ᠢ
ᠢᠷᠦᠭᠡᠯ ᠤᠨ ᠬᠦᠴᠦᠨ ᠢᠶᠠᠷ ᠬᠤᠷᠤᠢᠯᠠᠶᠤ᠃
ᠭᠠᠨᠲᠢᠭ ᠬᠠᠳᠠᠨ ᠴᠢᠯᠠᠭᠤᠳ ᠢ᠋
ᠭᠠᠢᠬᠠᠮᠰᠢᠭ ᠪᠣᠯᠭᠠᠨ ᠴᠣᠭᠴᠠᠯᠠᠭᠠᠳ
ᠭᠠᠷᠮᠠᠭᠠᠢ ᠤᠷᠠᠨ ᠠᠷᠭ᠎ᠠ ᠪᠠᠷ
ᠭᠠᠩᠭᠠᠯᠠᠵᠤ ᠪᠠᠷᠢᠭᠰᠠᠨ ᠠᠰᠠᠷ ᠪᠠᠢᠨ᠎ᠠ
ᠵᠦᠢᠯ ᠪᠣᠯᠭᠠᠨ ᠤ᠋ ᠴᠢᠮᠡᠭᠯᠡᠯ ᠦ᠋ᠳ ᠢ᠋
ᠵᠥᠭᠡᠯᠡᠨ ᠬᠠᠲᠠᠭᠤ ᠶ᠋ᠢ ᠨᠢ ᠲᠠᠭᠠᠷᠠᠭᠤᠯᠤᠭᠠᠳ
ᠵᠦᠢᠲᠡᠢ ᠤᠷᠠᠨ ᠠᠷᠭ᠎ᠠ ᠪᠠᠷ
ᠵᠥᠮᠪᠦᠷᠯᠡᠭᠦᠯᠵᠦ ᠪᠠᠷᠢᠭᠰᠠᠨ ᠠᠰᠠᠷ ᠪᠠᠢᠨ᠎ᠠ
ᠬᠠᠭᠠᠯᠭ᠎ᠠ ᠨᠡᠭᠡᠭᠡᠭᠡᠳ ᠣᠷᠣᠬᠤ ᠳ᠋ᠤ᠌
ᠬᠠᠷᠠᠭᠠᠨ ᠳ᠋ᠤ᠌ ᠳᠤᠯᠠᠭᠠᠬᠠᠨ ᠦᠷᠭᠦᠭᠡ
ᠬᠠᠯᠠᠭᠤᠨ ᠬᠦᠢᠲᠡᠨ ᠵᠣᠬᠢᠴᠠᠭᠰᠠᠨ
ᠬᠠᠪᠤᠯᠢᠭ ᠰᠠᠢᠬᠠᠨ ᠦᠷᠭᠦᠭᠡ
ᠡᠭᠦᠳᠡ ᠪᠠᠨ ᠨᠡᠭᠡᠭᠡᠭᠡᠳ ᠣᠷᠣᠬᠤ ᠳ᠋ᠤ᠌ ᠨᠢ
ᠥᠭᠡᠳᠡ ᠡᠴᠡ ᠤᠭᠲᠤᠭᠰᠠᠨ ᠦᠷᠭᠦᠭᠡ
ᠥᠪ ᠵᠠᠯᠭᠠᠬᠤ ᠠᠢᠯ ᠤ᠋ᠨ
ᠥᠯᠵᠡᠢ ᠪᠦᠷᠢᠳᠦᠭᠰᠡᠨ ᠤᠷᠤᠨ
ᠠᠩᠬᠠᠨ ᠤ᠋ ᠣᠷᠣᠭᠰᠠᠨ ᠴᠠᠰᠤ ᠰᠢᠭ᠋
ᠠᠷᠢᠭᠤᠨ ᠴᠠᠭᠠᠨ ᠦᠷᠭᠦᠭᠡ
ᠠᠷᠪᠠᠨ ᠴᠠᠭᠠᠨ ᠪᠤᠶᠠᠨ
ᠠᠰᠢᠳᠠ ᠳᠡᠯᠭᠡᠷᠡᠬᠦ ᠦᠷᠭᠦᠭᠡ
ᠡᠷᠲᠡ ᠶ᠋ᠢᠨ ᠴᠠᠭᠠᠨ ᠪᠤᠶᠠᠨ ᠤ᠋
ᠡᠬᠡᠰᠢᠭ ᠳᠠᠭᠤᠤ ᠲᠠᠢ ᠦᠷᠭᠦᠭᠡ
ᠡᠩ ᠦᠭᠡᠢ ᠪᠠᠶᠠᠷ ᠢᠶᠠᠷ ᠴᠠᠯᠭᠢᠯᠠᠭᠰᠠᠨ
ᠡᠷᠳᠡᠨᠢᠲᠦ ᠮᠣᠩᠭᠣᠯ ᠦᠷᠭᠦᠭᠡ
ᠮᠠᠨᠳᠤᠬᠤ ᠨᠠᠷᠠᠨ ᠤ᠋ ᠲᠤᠶᠠᠭ᠎ᠠ ᠲᠠᠢ
ᠮᠠᠭᠲᠠᠮᠠ ᠰᠠᠢᠬᠠᠨ ᠦᠷᠭᠦᠭᠡ
ᠮᠠᠷᠭᠠᠰᠢ ᠢᠷᠡᠭᠡᠳᠦᠢ ᠪᠡᠨ ᠵᠥᠩᠨᠡᠭᠰᠡᠨ
ᠮᠠᠰᠢ ᠲᠤᠬᠢᠯᠢᠭ ᠦᠷᠭᠦᠭᠡ
ᠨᠠᠷᠠᠨ ᠤ᠋ ᠲᠤᠶᠠᠭ᠎ᠠ ᠠᠰᠬᠠᠷᠠᠭᠰᠠᠨ
ᠨᠠᠷᠠᠯᠠᠭ ᠴᠠᠭᠠᠨ ᠦᠷᠭᠦᠭᠡ
ᠨᠠᠢ᠍ᠮᠠᠨ ᠵᠦᠭ ᠡᠴᠡ ᠣᠨᠳᠣᠷᠤᠭᠰᠠᠨ
ᠨᠠᠯᠠᠭᠠᠷ ᠪᠤᠶᠠᠨ ᠤ᠋ ᠥᠯᠵᠡᠢᠲᠡᠢ
ᠰᠠᠷᠠᠨ ᠤ᠋ ᠭᠡᠭᠡ ᠰᠠᠴᠤᠷᠠᠭᠰᠠᠨ
ᠰᠠᠷᠠᠭᠤᠯᠬᠠᠨ ᠴᠠᠭᠠᠨ ᠦᠷᠭᠦᠭᠡ
ᠰᠠᠢᠨ ᠤ᠋ ᠵᠦᠭ ᠡᠴᠡ ᠤᠨᠳᠤᠷᠠᠭᠰᠠᠨ
ᠰᠠᠨᠠᠭᠠᠨ ᠤ ᠮᠢᠩᠭᠠᠨ ᠵᠢᠷᠭᠠᠯᠠᠩ ᠲᠠᠢ
ᠰᠢᠨᠡᠬᠡᠨ ᠴᠠᠭᠠᠨ ᠦᠷᠦᠭᠡᠨ ᠠ᠋ᠴᠠ
ᠰᠢᠨᠡᠳ ᠦ᠋ᠨ ᠴᠠᠰᠤᠨ ᠤ᠋ ᠭᠡᠭᠡ ᠲᠡᠢ
ᠰᠢᠯᠢᠨ ᠪᠣᠯᠣᠷ ᠴᠣᠩᠬᠣ ᠨᠢ
ᠰᠢᠵᠢᠷ ᠡᠷᠳᠡᠨᠢ ᠶ᠋ᠢᠨ ᠭᠢᠯᠪᠠᠭ᠎ᠠ ᠲᠠᠢ
ᠡᠪᠦᠭᠡᠳ ᠬᠥᠭᠰᠢᠳ ᠵᠠᠯᠠᠭᠤᠰ ᠨᠢ
ᠥᠪᠡᠷ ᠥᠪᠡᠷ ᠦ᠋ᠨ ᠲᠠᠰᠤᠯᠭ᠎ᠠ ᠲᠠᠢ
ᠥᠷᠥᠭᠡ ᠳᠦᠭᠦᠷᠡᠩ ᠭᠡᠷᠡᠯᠲᠦᠭᠦᠯᠭᠡ ᠨᠢ
ᠥᠩᠭᠡ ᠥᠩᠭᠡ ᠶ᠋ᠢᠨ ᠰᠠᠴᠤᠷᠠᠭ ᠲᠠᠢ
ᠬᠥᠮᠦᠨ ᠵᠤᠨ ᠢ᠋ᠶ᠋ᠠᠨ ᠤᠷᠢᠭᠰᠠᠨ
ᠬᠦᠷᠡᠩ ᠽᠠᠨᠳᠠᠨ ᠬᠠᠭᠠᠯᠭ᠎ᠠ ᠲᠠᠢ
ᠬᠦᠨᠳᠦᠲᠦ ᠵᠣᠴᠢᠨ ᠢ᠋ᠶ᠋ᠠᠨ ᠰᠠᠭᠤᠯᠭᠠᠭᠰᠠᠨ
ᠬᠦᠪᠰᠡᠭᠡᠷ ᠵᠥᠭᠡᠯᠡᠨ ᠰᠠᠭᠤᠳᠠᠯ ᠲᠠᠢ
ᠴᠠᠬᠢᠯᠭᠠᠨ ᠬᠡᠷᠡᠭᠰᠡᠯ ᠡᠩᠨᠡᠷᠡᠭᠰᠡᠨ
ᠴᠠᠭ ᠡᠷᠢᠨ ᠦ᠌ ᠭᠢᠯᠪᠠᠭ᠎ᠠ ᠲᠠᠢ
ᠴᠠᠭ᠎ᠠ ᠠᠢᠷᠠᠭ ᠰᠡᠩᠭᠢᠨᠡᠭᠰᠡᠨ
ᠴᠠᠢᠯᠭᠠᠨ ᠮᠣᠩᠭᠣᠯ ᠤ᠋ᠨ ᠤᠳᠤᠮᠰᠢᠯ ᠲᠠᠢ
ᠡᠭᠦᠳᠡ ᠪᠡᠨ ᠨᠡᠭᠡᠭᠡᠭᠰᠡᠨ ᠪᠠᠶᠠᠷ ᠢ᠋ᠶ᠋ᠠᠷ
ᠦᠯᠡᠮᠵᠢ ᠶ᠋ᠢᠨ ᠬᠡᠢᠮᠦᠷᠢ ᠨᠢ ᠪᠠᠳᠠᠷᠠᠭᠰᠠᠨ
ᠡᠷᠦᠬᠡ ᠪᠡᠨ ᠲᠠᠲᠠᠭᠰᠠᠨ ᠨᠠᠢᠷ ᠢ᠋ᠶ᠋ᠠᠷ
ᠦᠷᠭᠦᠯᠵᠢ ᠶ᠋ᠢᠨ ᠪᠠᠶᠠᠷ ᠴᠠᠯᠬᠢᠭ᠌ᠰᠠᠨ
ᠥᠨᠳᠥᠷ ᠰᠦᠷᠯᠢᠭ ᠠᠰᠠᠷ ᠢ᠋ ᠴᠢᠨᠢ
ᠥᠷᠥᠮ᠎ᠡ ᠰᠦ ᠪᠠᠷ ᠢᠶᠠᠨ ᠮᠢᠯᠢᠶᠠᠮᠤ
ᠦᠨᠢᠳᠡ ᠶ᠋ᠢᠨ ᠮᠢᠩᠭᠠᠨ ᠵᠢᠷᠭᠠᠯᠠᠩ
ᠥᠨᠢᠳᠡ ᠲᠤᠭᠲᠠᠬᠤ ᠪᠣᠯᠲᠤᠭᠠᠢ !
ᠰᠠᠢᠬᠠᠨ ᠴᠠᠭᠠᠨ ᠥᠷᠥᠭᠡ ᠶ᠋ᠢ ᠨᠢ
ᠰᠠᠭᠠᠯᠢ ᠰᠦ ᠪᠡᠷ ᠢ᠋ᠶ᠋ᠠᠨ ᠮᠢᠯᠢᠶᠠᠮᠤ
ᠰᠠᠢᠨ ᠤ᠋ ᠮᠢᠩᠭᠠᠨ ᠵᠢᠷᠭᠠᠯᠠᠩ
ᠰᠠᠭᠠᠳ ᠦᠭᠡᠢ ᠲᠣᠭᠲᠠᠬᠤ ᠪᠣᠯᠲᠤᠭᠠᠢ
ᠨᠠᠰᠤᠲᠠᠨ ᠪᠤᠭᠤᠷᠤᠯ ᠢ᠋ᠶ᠋ᠠᠨ ᠬᠦᠨᠳᠦᠯᠡᠬᠦ ᠶ᠋ᠢᠨ
ᠨᠠᠯᠠᠭᠠᠷ ᠪᠤᠶᠠᠨ ᠢᠶᠠᠷ ᠳᠡᠯᠭᠡᠷᠡᠭ
ᠨᠠᠷᠠᠲᠤ ᠬᠤᠷᠸ᠎ᠠ ᠶ᠋ᠢᠨ ᠬᠡᠰᠢᠭ
ᠨᠠᠨᠳᠢᠨ ᠡᠩᠭᠡᠷ ᠲᠦ ᠨᠢ ᠪᠦᠷᠢᠳᠦᠭ
ᠶᠢᠰᠦᠨ ᠬᠥᠬᠡ ᠲᠩᠷᠢ ᠶ᠋ᠢᠨ
ᠢᠪᠡᠭᠡᠯ ᠢ ᠪᠦᠭᠦᠳᠡ ᠳᠤ ᠲᠤᠭᠲᠠᠭᠠᠭ
ᠶᠢᠰᠦᠨ ᠴᠠᠭᠠᠨ ᠬᠦᠰᠡᠯ ᠦ᠋ᠨ
ᠢᠷᠦᠭᠡᠯ ᠨᠢ ᠪᠦᠭᠦᠳᠡ ᠳᠤ ᠨᠢ ᠰᠢᠩᠭᠡᠭ
ᠵᠡᠭᠦᠨ ᠲᠠᠯ᠎ᠠ ᠶ᠋ᠢᠨ ᠲᠤᠭᠤᠷᠭᠠᠨ ᠳ᠋ᠤ᠌ ᠨᠢ
ᠵᠦᠩ ᠪᠡᠯᠭᠡ ᠰᠢᠩᠭᠡᠵᠦ ᠪᠠᠢᠭ
ᠵᠦᠢᠷᠯᠡᠰᠢ ᠦᠭᠡᠢ ᠴᠡᠴᠡᠭᠯᠡᠬᠦ
ᠵᠢᠷᠭᠠᠯᠲᠤ ᠠᠮᠢᠳᠤᠷᠠᠯ ᠢ᠋ ᠨᠢ ᠢᠪᠡᠭᠡᠵᠦ ᠪᠠᠢᠭ
ᠡᠮᠦᠨ᠎ᠡ ᠲᠠᠯ᠎ᠠ ᠶ᠋ᠢᠨ ᠭᠡᠭᠡᠪᠴᠢᠨ ᠳ᠋ᠦ᠍ ᠨᠢ
ᠦᠯᠵᠡᠢ ᠪᠤᠶᠠᠨ ᠬᠤᠷᠠᠵᠤ ᠪᠠᠢᠭ
ᠦᠯᠲᠦᠷᠡᠰᠢ ᠦᠭᠡᠢ ᠵᠤᠵᠠᠭᠠᠷᠠᠬᠤ
ᠦᠢᠯᠡᠰ ᠦ᠋ᠨ ᠵᠠᠮ ᠢ᠋ ᠨᠢ ᠢᠪᠡᠭᠡᠵᠦ ᠪᠠᠢᠭ
ᠪᠠᠷᠠᠭᠤᠨ ᠲᠠᠯ᠎ᠠ ᠶ᠋ᠢᠨ ᠬᠠᠶᠠᠭᠠᠨ ᠳ᠋ᠤ᠌ ᠨᠢ
ᠪᠠᠳᠠᠷᠠᠬᠤ ᠬᠡᠢᠮᠣᠷᠢ ᠮᠠᠨᠳᠤᠵᠤ ᠪᠠᠢᠭ
ᠪᠠᠶᠠᠨ ᠰᠠᠢᠬᠠᠨ ᠠᠮᠢᠳᠤᠷᠠᠯ ᠦ᠋ᠨ ᠬᠢᠨᠢ
ᠪᠠᠬᠠᠷᠤᠮ᠎ᠠ ᠠᠮᠵᠢᠯᠲᠠ ᠶ᠋ᠢ ᠨᠢ ᠢᠪᠡᠭᠡᠵᠦ ᠪᠠᠢᠭ
ᠬᠣᠢᠲᠤ ᠲᠠᠯ᠎ᠠ ᠶ᠋ᠢᠨ ᠭᠡᠭᠡᠪᠴᠢᠨ ᠳ᠋ᠦ᠍ ᠨᠢ
ᠬᠣᠩᠭᠣᠷ ᠪᠤᠶᠠᠨ ᠬᠤᠷᠠᠵᠤ ᠪᠠᠢᠭ
ᠬᠣᠯᠠᠳᠠᠰᠢ ᠦᠭᠡᠢ ᠣᠢᠷᠠᠳᠬᠤ
ᠬᠤᠪᠢ ᠵᠠᠶᠠᠭ᠎ᠠ ᠶ᠋ᠢ ᠨᠢ ᠳᠡᠳᠬᠦᠵᠦ ᠪᠠᠢᠭ
ᠵᠤᠯᠠᠢ ᠳᠡᠭᠡᠷᠡᠬᠢ ᠳᠡᠭᠡᠪᠦᠷ ᠲᠦ᠍ ᠨᠢ
ᠵᠤᠵᠠᠭᠠᠨ ᠬᠡᠰᠢᠭ ᠰᠢᠩᠭᠡᠵᠦ ᠪᠠᠢᠭ
ᠵᠤᠯᠭᠠᠷᠠᠰᠢ ᠦᠭᠡᠢ ᠴᠡᠴᠡᠭᠯᠡᠬᠦ
ᠵᠣᠯ ᠵᠢᠷᠭᠠᠯᠠᠩ ᠢ᠋ ᠨᠢ ᠢᠪᠡᠭᠡᠵᠦ ᠪᠠᠢᠭ
ᠬᠥᠯ ᠳᠣᠣᠷᠠᠬᠢ ᠱᠠᠯᠠ ᠳ᠋ᠤ᠌ ᠨᠢ
ᠬᠦᠴᠦᠲᠦ ᠰᠢᠳᠢ ᠰᠢᠩᠭᠡᠵᠦ ᠪᠠᠢᠭ
ᠬᠥᠨᠳᠡᠭᠳᠡᠰᠢ ᠦᠭᠡᠢ ᠮᠥᠩᠬᠡᠷᠡᠬᠦ
ᠬᠦᠰᠡᠯ ᠮᠥᠷᠥᠭᠡᠳᠦᠯ ᠢ᠋ ᠨᠢ ᠢᠪᠡᠭᠡᠵᠦ ᠪᠠᠢᠭ
ᠴᠠᠭ ᠴᠠᠭ ᠢ᠋ᠶ᠋ᠠᠷ ᠦᠷᠭᠦᠯᠵᠢᠯᠡᠬᠦ
ᠴᠠᠭᠯᠠᠰᠢ ᠦᠭᠡᠢ ᠪᠤᠶᠠᠨ ᠳᠡᠯᠭᠡᠷᠡᠭ
ᠴᠠᠳᠢᠭ ᠲᠡᠦᠬᠡ ᠪᠡᠨ ᠮᠦᠩᠬᠡᠯᠡᠭᠦ
ᠴᠢᠨᠳᠠᠮᠤᠨᠢ ᠤᠳᠤᠮ ᠨᠢ ᠳᠡᠯᠭᠡᠷᠡᠭ
ᠡᠳᠦᠷ ᠡᠳᠦᠷ ᠢ᠋ᠶ᠋ᠡᠷ ᠦᠷᠭᠦᠯᠵᠢᠯᠡᠬᠦ
ᠦᠨᠢᠲᠡ ᠶ᠋ᠢᠨ ᠪᠤᠶᠠᠨ ᠲᠤᠭᠲᠠᠭ
ᠦᠪ ᠵᠠᠯᠭᠠᠬᠤ ᠠᠢᠯ ᠤᠨ ᠬᠢᠨᠢ
ᠥᠯᠵᠡᠢᠲᠦ ᠭᠠᠯ ᠨᠢ ᠪᠠᠳᠠᠷᠠᠭ
ᠰᠢᠯᠵᠢᠰᠢ ᠦᠭᠡᠢ ᠪᠠᠲᠤ ᠬᠡᠢᠮᠣᠷ
ᠰᠢᠷᠭᠢᠰᠢ ᠦᠭᠡᠢ ᠪᠤᠶᠠᠨ ᠬᠡᠰᠢᠭ
ᠰᠢᠨᠡᠬᠡᠨ ᠴᠠᠭᠠᠨ ᠥᠷᠥᠭᠡᠨ ᠳ᠋ᠦ᠍ ᠨᠢ
ᠰᠢᠵᠢᠷᠲᠤᠨ ᠲᠤᠭᠲᠠᠬᠤ ᠪᠣᠯᠲᠤᠭᠠᠢ!
ᠬᠤᠷᠤᠢ ᠬᠤᠷᠤᠢ ᠬᠤᠷᠤᠢ
ᠬᠤᠷᠤᠢ ᠬᠤᠷᠤᠢ ᠬᠤᠷᠤᠢ
ᠬᠤᠷᠤᠢ ᠬᠤᠷᠤᠢ ᠬᠤᠷᠤᠢ!
ᠰᠦᠯᠵᠢᠶᠡᠨ ᠦ ᠦᠰᠦᠭ ᠢ ᠮᠤᠩᠭᠤᠯ ᠰᠦᠨᠡᠰᠦ ᠠᠮᠢᠯᠠᠭᠤᠯᠵᠤ᠂ ᠬᠦᠳᠡᠯᠭᠡᠭᠡᠨᠲᠦ ᠵᠢᠷᠤᠭ ᠲᠤ ᠦᠰᠦᠭ ᠢ ᠨᠢ ᠾᠦᠩ ᠸᠸᠢ ᠦᠰᠦᠭ ᠢ ᠨᠢ ᠬᠠᠳᠠᠪᠠ᠃
ᠮᠤᠩᠭᠤᠯ ᠰᠦᠨᠡᠰᠦ᠂ ᠮᠦᠴᠢᠷ ᠂ᠰᠡᠴᠡᠨᠴᠢᠮᠡᠭ ᠨᠠᠷ ᠬᠢᠨᠠᠯᠲᠠ ᠬᠢᠪᠡ᠃
