1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠣᠪᠢ ᠶ᠋ᠢᠨ ᠭᠠᠭᠴᠠ ᠠᠶ᠋ᠢᠯ - ᠱ ᠂ ᠭᠦᠷᠦᠪᠠᠽᠠᠷ Говийн гагц айял – Ш᠂ Гүрбазар

ᠭᠣᠪᠢ ᠶ᠋ᠢᠨ ᠭᠠᠭᠴᠠ ᠠᠶ᠋ᠢᠯ - ᠱ ᠂ ᠭᠦᠷᠦᠪᠠᠽᠠᠷ Говийн гагц айял – Ш᠂ Гүрбазар

2025-01-19

564

ᠭᠣᠪᠢ ᠶ᠋ᠢᠨ ᠭᠠᠭᠴᠠ ᠠᠶ᠋ᠢᠯ


 ᠳᠡᠯᠭᠡᠭᠰᠡᠨ ᠲᠡᠷᠯᠢᠭ ᠰᠢᠭ 
 ᠮᠣᠩᠭᠣᠯ ᠨᠤᠲᠤᠭ ᠤ᠋ᠨ 
 ᠭᠤᠨᠳᠠᠭᠰᠠᠨ ᠰᠢᠷᠭᠠᠯ ᠰᠡᠵᠢᠭᠦᠷ ᠢ᠋ᠶ᠋ᠡᠨ 
 ᠬᠣᠰᠢᠭᠤᠯᠳᠠᠭᠰᠠᠨ ᠬᠣᠷᠮᠣᠢ ᠰᠢᠭ᠋ 
 ᠭᠤᠴᠢᠨ ᠭᠤᠷᠪᠠᠨ ᠭᠣᠪᠢ ᠶ᠋ᠢᠨ 
 ᠬᠤᠳᠳᠤᠭ ᠪᠠᠷᠠᠳᠠᠭᠰᠠᠨ ᠡᠪᠦᠭᠡᠳ ᠢ᠋ᠶ᠋ᠡᠨ 
 ᠮᠠᠷᠲᠠᠬᠤ ᠶ᠋ᠢᠨ ᠤᠴᠢᠷ ᠦᠭᠡᠢ ᠳ᠋ᠦ᠍ ᠦᠷᠦ ᠡᠪᠡᠳᠬᠦ ᠳ᠋ᠡᠭᠡᠨ 
 ᠰᠢᠯᠦᠭ ᠪᠢᠴᠢᠵᠦ ᠰᠠᠭᠤᠨ᠎ᠠ 
 ᠮᠢᠨᠦ ᠥᠭᠦᠯᠡᠬᠦ ᠪᠤᠷᠤᠭᠤ ᠶᠤᠮ ᠪᠣᠯ 
 ᠰᠢᠭᠦᠬᠦ ᠳ᠋ᠦ᠍ ᠣᠴᠢᠬᠤ ᠳ᠋ᠤ᠌ ᠴᠦ᠍ ᠪᠡᠯᠡᠨ ᠠ᠋ 
 
 ᠢᠵᠢᠢ ᠪᠡᠨ ᠳᠠᠭᠠᠭᠠᠳ ᠠᠷᠭᠠᠯ ᠳ᠋ᠤ᠌ ᠶᠠᠪᠤᠳᠠᠭ ᠪᠠᠢᠭᠰᠠᠨ 
 ᠢᠵᠢᠯᠢ ᠦᠭᠡᠢ ᠭᠠᠭᠴᠠᠬᠠᠨ ᠲᠣᠭᠣᠨᠣᠲᠤ ᠮᠢᠨᠢ 
 ᠭᠣᠪᠢ ᠢᠰᠢᠭᠡ ᠬᠥᠭᠡᠭᠡᠴᠡᠯᠳᠦᠵᠦ ᠬᠥᠯ ᠳ᠋ᠦ᠍ ᠣᠷᠣᠬᠤ ᠳ᠋ᠠᠭᠠᠨ 
 ᠢᠨᠢᠶᠡᠵᠦ ᠲᠤᠯᠤᠭᠰᠠᠨ ᠰᠢᠷᠢᠳᠡᠭ ᠮᠢᠨᠢ ᠲᠠᠯ᠎ᠠ  

 ᠬᠠᠯᠲᠠᠷ ᠴᠢᠭᠢᠭ ᠲᠦ᠍ ᠵᠣ ᠨᠢ ᠲᠡᠨᠢᠢᠬᠦ 
 ᠬᠠᠭᠰᠠᠭ᠎ᠠ ᠨᠢᠮᠭᠡᠨ ᠮᠣᠷᠢᠳ ᠲᠠᠢ ᠨᠤᠲᠤᠭ 
 ᠬᠠᠭᠠᠰ ᠡᠳᠦᠷ ᠪᠣᠷᠣᠭ᠎ᠠ ᠰᠢᠪᠡᠷᠡᠬᠦ ᠳ᠋ᠦ᠍ ᠴᠦ᠍ 
 ᠬᠠᠰᠬᠢᠷᠴᠤ ᠤᠷᠭᠤᠳᠠᠭ ᠳᠠᠭᠠᠨ᠎ᠠ ᠲᠠᠢ ᠨᠤᠲᠤᠭ  

 ᠪᠦᠷᠢᠨ ᠣᠷᠣᠨ ᠤ᠋ ᠪᠠᠨ ᠰᠡᠮᠡᠷᠡᠭᠡ ᠦᠭᠡᠢ ᠬᠠᠶᠠᠭ᠎ᠠ ᠶ᠋ᠢ 
 ᠠᠮᠢᠳᠤ ᠪᠠᠢᠯᠭᠠᠬᠤ ᠭᠡᠰᠡᠨ ᠳ᠋ᠡᠭᠡᠨ ᠵᠠᠬᠠᠯᠠᠵᠤ ᠨᠤᠲᠤᠭᠯᠠᠭᠰᠠᠨ 
 ᠪᠦᠯᠢᠶᠡᠨ ᠵᠤᠯᠠᠢ ᠲᠠᠢ ᠡᠬᠡ ᠨᠤᠲᠤᠭ ᠢ᠋ᠶ᠋ᠠᠨ 
 ᠠᠢᠯ ᠲᠠᠢ ᠪᠠᠢᠯᠭᠠᠬᠤ ᠭᠡᠰᠡᠨ ᠳ᠋ᠡᠭᠡᠨ ᠬᠠᠶᠠᠭᠠᠯᠠᠵᠤ ᠬᠣᠯᠠᠳᠤᠭᠰᠠᠨ  

 ᠥᠷᠲᠡᠭᠡ ᠥᠷᠲᠡᠭᠡ ᠭᠡᠷ ᠦ᠋ᠳ ᠨᠢ 
 ᠪᠦᠦᠷᠴᠢ ᠶ᠋ᠢᠨ ᠳᠠᠭᠤ ᠪᠠᠷ ᠢ᠋ᠶ᠋ᠠᠨ ᠮᠡᠳᠡᠯᠴᠡᠭᠰᠡᠨ 
 ᠡᠳᠦᠷ ᠡᠳᠦᠷ ᠲᠡᠭᠡᠨ ᠬᠠᠶᠠ 
 ᠭᠤᠴᠢᠨ ᠤᠰᠤᠨ ᠳᠡᠭᠡᠷ᠎ᠡ ᠪᠡᠨ ᠠᠭᠤᠯᠵᠠᠳᠠᠭ  

 ᠣᠪᠣᠭᠠᠲᠤ ᠶ᠋ᠢᠨ ᠽᠠᠰᠲ᠋ᠠᠸ ᠠ᠋ᠴᠠ ᠨᠠᠭᠠᠬᠠᠨ᠎ᠠ 
 ᠬᠣᠨᠢ ᠨᠢ ᠪᠡᠯᠴᠢᠵᠦ ᠢᠳᠡᠰᠢᠯᠡᠭᠰᠡᠨ 
 ᠣᠷᠣᠨ ᠤᠯᠤᠰ ᠤ᠋ᠨ ᠮᠢᠨᠢ ᠲᠣᠭᠣᠨᠣ ᠲᠠᠢ ᠰᠠᠬᠢᠭᠤᠯ 
 ᠭᠣᠪᠢ ᠶ᠋ᠢᠨ ᠭᠠᠭᠴᠠ ᠠᠢᠯ  

 ᠬᠣᠯᠠᠳᠠᠯ᠎ᠠ ᠬᠣᠯᠠᠳᠠᠯ᠎ᠠ ᠭᠡᠬᠦ ᠳ᠋ᠦ᠍ 
 ᠬᠣᠨᠳᠣ ᠠ᠋ᠴᠠ ᠪᠠᠨ ᠬᠣᠯᠠᠳᠴᠤ ᠴᠢᠳᠠᠭ᠎ᠠ ᠦᠭᠡᠢ 
 ᠬᠣᠲᠠ ᠭᠠᠭᠴᠠ ᠣᠷᠣᠬᠤ ᠳ᠋ᠠᠭᠠᠨ 
 ᠬᠣᠶᠠᠷ ᠬᠣᠨᠣᠭ ᠠ᠋ᠴᠠ ᠬᠡᠲᠦᠷᠡᠵᠦ ᠦᠵᠡᠭᠡ ᠦᠭᠡᠢ  

 ᠠᠳᠤᠭᠤ ᠡᠵᠡᠨ ᠬᠣᠶᠠᠭᠤᠯᠠ ᠪᠠᠨ 
 ᠱᠠᠩᠳᠠ ᠳ᠋ᠠᠭᠠᠨ ᠡᠭᠡᠨᠡᠭᠰᠢᠭᠰᠡᠨ ᠭᠣᠪᠢ ᠶ᠋ᠢᠨ ᠬᠢᠨ ᠢ᠋ 
 ᠠᠷᠠᠳ ᠤ᠋ᠨ ᠳᠠᠭᠤᠤ ᠶ᠋ᠢᠨ ᠪᠠᠳᠠᠭ ᠰᠢᠭ᠋ 
 ᠮᠠᠷᠲᠠᠴᠢᠬᠠᠬᠤ ᠰᠢᠬᠠᠭᠰᠠᠨ ᠶᠤᠮ ᠪᠢᠰᠢ ᠤᠤ ᠳᠠ  

 ᠬᠤᠷᠮᠤᠰᠲᠠ ᠲᠩᠷᠢ ᠳ᠋ᠦ᠍ ᠬᠤᠪᠢ ᠵᠠᠶᠠᠭ᠎ᠠ ᠪᠠᠨ 
 ᠥᠪᠡᠷ ᠲᠡᠭᠡᠨ ᠳᠠᠭᠠᠳᠬᠠᠭᠰᠠᠨ ᠭᠣᠪᠢᠴᠤᠳ ᠮᠢᠨᠢ 
 ᠬᠣᠷᠢᠨ ᠨᠢᠭᠡᠨ ᠣᠨ ᠠ᠋ᠴᠠ 
 ᠠᠷᠠᠢ ᠴᠠᠭᠠᠬᠠᠨ᠎ᠠ ᠠᠮᠢᠳᠤᠷᠠᠵᠤ ᠪᠠᠢᠨ᠎ᠠ  

 ᠳᠠᠷᠠᠰᠤ ᠳᠡᠷᠡᠰᠦᠨ ᠳ᠋ᠦ᠍ ᠤᠨᠠᠭᠰᠠᠨ 
 ᠲᠩᠷᠢ ᠶ᠋ᠢᠨ ᠰᠢᠷᠭᠠᠯ ᠳᠦᠯᠡᠢ ᠰᠢᠭ 
 ᠳᠡᠯ ᠳᠡᠯ ᠢ᠋ᠶ᠋ᠡᠨ ᠪᠠᠷᠠᠳᠠᠵᠤ 
 ᠲᠡᠳᠡ ᠮᠢᠨᠢ ᠣᠳᠣ ᠶᠠᠭᠠᠬᠢᠵᠤ ᠶᠠᠪᠤᠨ᠎ᠠ ᠳᠠ  

 ᠠᠷᠤᠭ ᠲᠦᠰᠢᠵᠦ ᠦᠷ᠎ᠡ ᠲᠥᠷᠥᠭᠦᠯᠦᠭᠰᠡᠨ 
 ᠠᠮᠠᠷᠠᠭ ᠬᠡᠦᠬᠡᠨ ᠨᠦ᠍ᠭᠦᠳ ᠬᠣᠪᠣᠭᠣ ᠲᠠᠲᠠᠭᠰᠠᠭᠠᠷ ᠯᠠ 
 ᠠᠲᠠᠨ ᠲᠡᠮᠡᠭᠡᠨ ᠳ᠋ᠡᠭᠡᠨ ᠠᠴᠢ ᠪᠠᠨ ᠳᠡᠭᠦᠷᠴᠦ 
 ᠠᠳᠤᠭᠤ ᠤᠷᠭᠠᠯᠠᠵᠤ ᠡᠮᠨᠢᠭ ᠰᠤᠷᠭᠠᠭᠰᠠᠭᠠᠷ ᠯᠠ  

 ᠦᠷ᠎ᠡ ᠨᠢ ᠬᠥᠯᠰᠡᠬᠦ ᠳ᠋ᠦ᠍ ᠪᠡᠯᠴᠢᠭᠡᠷ ᠳᠡᠭᠡᠷ᠎ᠡ ᠪᠡᠨ 
 ᠦᠳᠡᠰᠢ ᠣᠷᠣᠢ ᠵᠠᠯᠠᠨ ᠳᠡᠭᠡᠷ᠎ᠡ ᠪᠡᠨ 
 ᠢᠩᠭᠡ ᠬᠦᠦᠰᠯᠡᠬᠦ ᠦᠨᠡᠰᠦᠨ ᠳᠡᠭᠡᠷ᠎ᠡ ᠪᠡᠨ 
 ᠢᠯᠡᠭᠦᠦ ᠭᠡᠷ ᠲᠡᠭᠡᠨ ᠢᠳᠡᠭᠡᠨ ᠳᠡᠭᠡᠷ᠎ᠡ ᠪᠡᠨ  

 ᠨᠠᠮᠤᠷ ᠤ᠋ᠨ ᠳᠤᠮᠳᠠ ᠰᠠᠷ᠎ᠠ ᠶ᠋ᠢᠨ ᠠᠷᠪᠠᠨ ᠳᠣᠯᠣᠭᠠᠨ ᠤ᠋ 
 ᠭᠠᠭᠴᠠᠬᠠᠨ ᠡᠳᠦᠷ ᠦ᠋ᠨ ᠠᠮᠠᠷᠠᠯᠲᠠ ᠲᠠᠢ ᠴᠦ᠍ 
 ᠨᠠᠷᠠ ᠳᠠᠯᠳᠢᠴᠢᠭᠤᠯᠤᠭᠰᠠᠨ ᠭᠣᠪᠢ ᠳ᠋ᠠᠭᠠᠨ 
 ᠨᠠᠰᠤᠯᠠᠬᠤ ᠳ᠋ᠠᠭᠠᠨ ᠲᠡᠳᠡ 
 ᠪᠤᠬᠢᠨᠢᠳᠤᠭ᠎ᠠ ᠦᠭᠡᠢ ᠶᠠᠪᠤᠨ᠎ᠠ  

 ᠠᠩᠭᠠᠭᠰᠠᠨ ᠬᠥᠮᠦᠨ ᠳ᠋ᠦ᠍ 
 ᠯᠤᠤᠰ ᠤ᠋ᠨ ᠬᠠᠭᠠᠨ ᠤ᠋ ᠬᠢ 
 ᠭᠣᠪᠢ ᠶ᠋ᠢᠨ ᠭᠠᠭᠴᠠ ᠠᠢᠯ 
 ᠠᠯᠤᠰ ᠠ᠋ᠴᠠ ᠬᠠᠷᠠᠬᠤ ᠳ᠋ᠤ᠌ 
 ᠦᠯᠢᠭᠡᠷ ᠦ᠋ᠨ ᠲᠡᠭᠦᠰᠬᠡᠯ ᠰᠢᠭ 
 ᠬᠣᠯᠠ ᠶ᠋ᠢᠨ ᠴᠡᠭᠡᠨ ᠰᠤᠪᠤᠳ  

 ᠬᠤᠷᠠᠭᠰᠠᠨ᠂ ᠭᠤᠶᠤᠭᠰᠠᠨ ᠵᠠᠯᠪᠠᠷᠢᠯ ᠳ᠋ᠤᠨᠢ 
 ᠪᠣᠷᠣᠭ᠎ᠠ ᠠᠰᠬᠠᠭᠤᠯᠵᠤ ᠭᠡᠢᠭᠦᠯᠳᠡᠭ ᠦᠭᠡᠢ ᠶᠦᠮ ᠠ᠋ ᠭᠡᠬᠦ ᠳ᠋ᠦ᠍ 
 ᠬᠤᠪᠢ ᠲᠡᠩᠴᠡᠭᠦᠦ ᠲᠥᠷᠥ ᠶ᠋ᠢᠨ ᠬᠡᠰᠢᠭ ᠡᠴᠡ 
 ᠪᠦᠲᠦᠨ ᠠᠳᠬᠤᠭᠠᠳ ᠥᠭᠴᠢᠬᠡᠬᠦ ᠯᠡ ᠶᠤᠮᠰᠠᠨ ᠳᠠ  

 ᠰᠢᠷᠢᠩᠭᠢ ᠣᠢ ᠪᠠᠷ ᠲᠠᠢᠳᠬᠤᠷᠠᠭᠤᠯᠵᠤ 
 ᠰᠢᠷᠢᠭᠢ ᠵᠦᠯᠭᠡ ᠬᠥᠭᠯᠡᠷᠡᠭᠦᠯᠳᠡᠭ ᠦᠭᠡᠢ ᠶᠦᠮ ᠠ᠋ ᠭᠡᠬᠦ ᠳ᠋ᠦ᠍ 
 ᠰᠢᠷᠬᠡᠭ ᠯᠡ ᠨᠢ ᠪᠥᠬᠥᠬᠦ ᠳ᠋ᠦ᠍ 
 ᠳ᠋ᠧᠩ ᠲᠡᠮᠲᠡᠴᠢᠭᠦᠯᠵᠦ ᠰᠥᠬᠦᠷᠡᠭᠦᠯᠬᠦ ᠦᠭᠡᠢ ᠯᠡ ᠶᠤᠮᠰᠠᠨ ᠳᠠ  

 ᠠᠳᠤᠭᠤᠰᠤ ᠨᠢ ᠬᠦᠷᠲᠡᠯ᠎ᠡ 
 ᠤᠯᠠᠭᠠᠨ ᠨᠣᠮ ᠳ᠋ᠤ᠌ ᠳᠠᠷᠬᠠᠯᠠᠭᠳᠠᠭᠰᠠᠨ ᠭᠣᠪᠢ ᠶ᠋ᠢᠨ ᠮᠢᠨᠢ 
 ᠠᠢᠯ ᠨᠢ ᠴᠣᠬᠣᠮ ᠶᠠᠭᠠᠬᠢᠬᠤ ᠪᠠᠷ ᠢ᠋ᠶ᠋ᠠᠨ 
 ᠤᠯᠠᠭᠠᠨᠪᠠᠭᠠᠲᠤᠷ ᠠ᠋ᠴᠠ ᠮᠠᠷᠲᠠᠭᠳᠠᠳᠠᠭ ᠪᠠᠢᠨ᠎ᠠ  

 ᠥᠯᠭᠡ ᠬᠦᠷᠪᠡᠯ ᠦ᠋ᠨ ᠥᠨᠳᠡᠭᠡ ᠨᠢ 
 ᠡᠷᠲᠡᠨ ᠦ᠌ ᠲᠡᠦᠬᠡᠨ ᠳ᠋ᠦ᠍ ᠦᠨᠡᠲᠡᠢ ᠴᠦ᠍ 
 ᠦᠳᠡ ᠶ᠋ᠢᠨ ᠨᠠᠷᠠᠨ ᠳ᠋ᠤ᠌ ᠴᠠᠬᠢᠯᠤᠭᠰᠠᠨ ᠭᠠᠭᠴᠠ ᠠᠢᠯ ᠨᠢ 
 ᠡᠵᠡᠨ ᠦ᠌ ᠪᠡᠨ ᠰᠡᠳᠬᠢᠯ ᠳ᠋ᠦ᠍ ᠲᠡᠭᠦᠨ ᠡᠴᠡ ᠴᠦ᠍ ᠦᠨᠡᠲᠡᠢ᠃  

        ᠦᠰᠦᠭ ᠠᠮᠢᠯᠠᠭᠤᠯᠤᠭᠴᠢ᠄ ᠡᠩᠬᠡᠪᠠᠲᠤ  
            ᠦᠰᠦᠭ ᠬᠢᠨᠠᠭᠴᠢ᠄ ᠪᠠᠶᠠᠷᠴᠡᠴᠡᠭ