ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 17 Нэгэн ном тавцан үн өдөр үн тэмдэглэлээс – 17
ᠰᠠᠢᠬᠠᠨ ᠵᠠᠩ ᠲᠠᠢ ᠪᠦᠰᠡᠭᠦᠢ ᠭᠡᠷ ᠡᠴᠡ ᠭᠠᠷᠲᠠᠯ᠎ᠠ ᠤᠷᠲᠤ ᠴᠠᠭᠠᠨ ᠰᠠᠬᠠᠯ ᠲᠠᠢ ᠭᠤᠷᠪᠠᠨ ᠡᠪᠦᠭᠡᠨ ᠪᠠᠢᠰᠢᠩ ᠤ᠋ᠨ ᠬᠢᠨᠢ ᠡᠮᠦᠨ᠎ᠡ ᠰᠠᠭᠤᠵᠤ ᠪᠠᠢᠨ᠎ᠠ ᠭᠡᠨ᠎ᠡ᠃ ᠪᠦᠰᠡᠭᠦᠢ ᠲᠡᠳᠡᠨ ᠢ᠋ ᠬᠠᠷᠠᠭᠠᠳ ᠲᠠᠨᠢᠭ᠎ᠠ ᠦᠭᠡᠢ ᠪᠣᠯᠪᠠᠴᠤ ᠨᠤᠲᠤᠭ ᠤ᠋ᠨ ᠰᠠᠢᠬᠠᠨ ᠵᠠᠩᠰᠢᠯ ᠢ᠋ᠶ᠋ᠠᠷ᠄《ᠪᠢ ᠲᠠ ᠨᠠᠷ ᠢ᠋ ᠣᠭᠲᠣ ᠲᠠᠨᠢᠬᠤ ᠦᠭᠡᠢ ᠶᠦᠮ ᠪᠠᠢᠨ᠎ᠠ᠃ ᠭᠡᠬᠦ ᠳ᠋ᠡᠭᠡᠨ ᠲᠠ ᠨᠠᠷ ᠥᠯᠥᠰᠴᠦ ᠶᠠᠳᠠᠷᠠᠭ᠎ᠠ ᠪᠠᠢᠯᠭᠦᠢ ᠳᠧ᠃ ᠮᠠᠨ ᠤ᠋ ᠳ᠋ᠤ᠌ ᠣᠷᠣᠭᠠᠳ ᠢᠳᠡᠭᠡ ᠤᠮᠳᠠᠭᠠᠨ ᠵᠣᠭᠣᠭᠯᠠᠨ᠎ᠠ ᠤᠤ?》 ᠭᠡᠮᠡᠨ ᠤᠷᠢᠵᠠᠢ᠃ ᠲᠡᠭᠡᠲᠡᠯ᠎ᠡ ᠡᠪᠦᠭᠡᠳ᠄《 ᠲᠠᠨ ᠤ᠋ ᠭᠡᠷ ᠦ᠋ᠨ ᠡᠵᠡᠨ ᠴᠢᠨᠢ ᠭᠡᠷ ᠲᠡᠭᠡᠨ ᠪᠠᠢᠨ᠎ᠠ ᠤᠤ?》 ᠭᠡᠵᠦ ᠰᠠᠢᠬᠠᠨ ᠵᠠᠩ ᠲᠠᠢ ᠡᠮᠡᠭᠲᠡᠢ ᠡᠴᠡ ᠯᠠᠪᠯᠠᠪᠠ᠃《ᠦᠭᠡᠢ ᠠ᠋᠂ ᠨᠥᠬᠥᠷ ᠮᠠᠨᠢ ᠢᠷᠡᠭᠡ ᠦᠭᠡᠢ ᠪᠠᠢᠨ᠎ᠠ》 ᠭᠡᠵᠦ ᠪᠦᠰᠡᠭᠦᠢ ᠬᠡᠯᠡᠬᠦ ᠳ᠋ᠦ᠍《ᠵᠠ ᠲᠡᠭᠡᠪᠡᠯ ᠲᠠᠨ ᠤ᠋ ᠳ᠋ᠤ᠌ ᠣᠷᠣᠵᠤ ᠴᠢᠳᠠᠬᠤ ᠦᠭᠡᠢ ᠶᠦᠮ ᠪᠠᠢᠨ᠎ᠠ》 ᠭᠡᠮᠡᠨ ᠡᠪᠦᠭᠡᠳ ᠬᠠᠷᠢᠭᠤᠯᠵᠠᠢ᠃
ᠣᠷᠣᠢ ᠪᠣᠯᠵᠤ ᠨᠥᠬᠥᠷ ᠨᠢ ᠭᠡᠷ ᠲᠡᠭᠡᠨ ᠢᠷᠡᠬᠦ ᠳ᠋ᠦ᠍ ᠡᠬᠡᠨᠡᠷ ᠥᠨᠥᠳᠥᠷ ᠦ᠋ᠨ ᠪᠣᠯᠤᠭᠰᠠᠨ ᠶᠠᠪᠤᠳᠠᠯ ᠢ᠋ᠶ᠋ᠠᠨ ᠶᠠᠷᠢᠵᠤ ᠭᠡᠨ᠎ᠡ᠃ ᠨᠥᠬᠥᠷ《ᠠᠯᠢᠪ᠂ ᠡᠬᠡᠨᠡᠷ ᠮᠢᠨᠢ ᠶᠠᠪᠤᠭᠠᠳ ᠠᠵᠠᠢ ᠪᠤᠭᠤᠷᠤᠯ ᠤ᠋ᠳ ᠢ᠋ ᠤᠷᠢᠭᠠᠳ ᠢᠷ᠎ᠡ!》 ᠭᠡᠵᠦ ᠬᠡᠯᠡᠵᠡᠢ᠃ ᠪᠦᠰᠡᠭᠦᠢ ᠭᠡᠷ ᠡᠴᠡ ᠪᠡᠨ ᠭᠠᠷᠴᠤ ᠡᠪᠦᠭᠡᠳ ᠢ᠋ ᠤᠷᠢᠨ ᠭᠡᠷ ᠲᠦ᠍ ᠨᠢ ᠠᠢᠯᠴᠢᠯᠠᠬᠤ ᠶ᠋ᠢ ᠳᠠᠬᠢᠨ ᠭᠤᠶᠤᠯ᠎ᠠ᠃ ᠬᠠᠷᠢᠨ ᠤᠷᠲᠤ ᠰᠠᠬᠠᠯᠲᠤ ᠴᠠᠭᠠᠨ ᠡᠪᠦᠭᠡᠨ᠄《ᠪᠢᠳᠡ ᠪᠦᠭᠦᠳᠡᠭᠡᠷ ᠢ᠋ᠶ᠋ᠡᠨ ᠨᠢᠭᠡ ᠠᠢᠯ ᠳ᠋ᠤ᠌ ᠵᠡᠷᠭᠡ ᠣᠷᠣᠵᠤ ᠴᠢᠳᠠᠳᠠᠭ ᠦᠭᠡᠢ ᠶᠦᠮ》 ᠭᠡᠮᠡᠨ ᠬᠠᠷᠢᠭᠤᠯᠵᠠᠢ᠃ ᠡᠬᠡᠨᠡᠷ ᠶᠠᠮᠠᠷ ᠤᠴᠢᠷ ᠲᠠᠢ ᠪᠣᠯᠬᠤ ᠶ᠋ᠢ ᠭᠠᠢᠬᠠᠨ ᠯᠠᠪᠯᠠᠵᠤ ᠭᠡᠨ᠎ᠡ᠃ ᠬᠠᠷᠢᠨ ᠨᠢᠭᠡ ᠡᠪᠦᠭᠡᠨ ᠨᠥᠭᠦᠭᠡ ᠤᠷᠤᠭᠤ ᠪᠠᠨ ᠵᠢᠭᠠᠭᠠᠭᠰᠠᠨ ᠢ᠋ᠶ᠋ᠠᠨ᠄《ᠲᠡᠭᠦᠨ ᠦ᠌ ᠨᠡᠷ᠎ᠡ ᠶ᠋ᠢ ᠡᠳ᠋ ᠪᠠᠶᠠᠯᠢᠭ ᠭᠡᠳᠡᠭ᠂ ᠳᠠᠷᠠᠭ᠎ᠠ ᠨᠢ ᠠᠮᠵᠢᠯᠲᠠ᠂ ᠬᠠᠷᠢᠨ ᠨᠠᠮᠠᠶ᠋ᠢ ᠪᠣᠯ ᠬᠠᠢᠷ᠎ᠠ ᠭᠡᠳᠡᠭ ᠶᠦᠮ᠃ ᠲᠠ ᠣᠳᠣ ᠭᠡᠷ ᠲᠡᠭᠡᠨ ᠪᠢᠳᠡ ᠭᠤᠷᠪᠠ ᠶ᠋ᠢᠨ ᠬᠡᠨ ᠢ᠋ ᠨᠢ ᠰᠣᠩᠭᠣᠵᠤ ᠤᠷᠢᠮᠠᠷ ᠪᠠᠢᠨ᠎ᠠ ᠭᠡᠳᠡᠭ ᠢ᠋ᠶ᠋ᠡᠨ ᠨᠥᠬᠥᠷ ᠲᠡᠢ ᠪᠡᠨ ᠶᠠᠷᠢᠯᠴᠠᠭᠠᠳ ᠢᠷ᠎ᠡ!》 ᠭᠡᠵᠦ ᠬᠡᠯᠡᠪᠡ᠃ ᠢᠩᠭᠢᠭᠡᠳ ᠡᠬᠡᠨᠡᠷ ᠭᠡᠷ ᠲᠡᠭᠡᠨ ᠣᠷᠣᠵᠤ ᠨᠥᠬᠥᠷ ᠲᠡᠭᠡᠨ ᠡᠨᠡ ᠲᠤᠬᠠᠢ ᠬᠡᠯᠡᠬᠦ ᠳ᠋ᠦ᠍ ᠭᠡᠷ ᠦ᠋ᠨ ᠡᠵᠡᠨ᠄《ᠶᠠᠮᠠᠷ ᠰᠠᠢᠨ ᠶᠤᠮ ᠪᠣᠢ? ᠨᠢᠭᠡᠨᠲᠡ ᠡᠨᠡ ᠪᠦᠬᠦᠨ ᠦᠨᠡᠨ ᠶᠦᠮ ᠪᠣᠯ ᠭᠡᠷ ᠲᠡᠭᠡᠨ ᠡᠳ᠋ ᠪᠠᠶᠠᠯᠢᠭ ᠳᠦᠭᠦᠷᠭᠡᠶᠡ!》 ᠭᠡᠯᠡ᠃ ᠭᠡᠲᠡᠯ᠎ᠡ ᠡᠬᠡᠨᠡᠷ ᠨᠢ ᠵᠥᠪᠰᠢᠶᠡᠷᠡᠭᠰᠡᠨ ᠦᠭᠡᠢ᠄《ᠬᠣᠩᠭᠣᠷ ᠮᠢᠨᠢ! ᠪᠢᠳᠡ ᠶᠠᠭᠠᠬᠢᠭᠠᠳ ᠠᠮᠵᠢᠯᠲᠠ ᠶ᠋ᠢ ᠭᠡᠷ ᠲᠦ᠍ ᠪᠡᠨ ᠤᠷᠢᠵᠤ ᠪᠣᠯᠳᠠᠭ ᠦᠭᠡᠢ ᠶᠦᠮ ᠪᠣᠢ?》 ᠭᠡᠬᠦ ᠳ᠋ᠦ᠍ ᠥᠬᠢᠨ ᠨᠢ᠄《ᠬᠠᠢᠷ᠎ᠠ ᠶ᠋ᠢ ᠤᠷᠢᠪᠠᠯ ᠶᠠᠭᠠᠬᠢᠭᠰᠠᠨ ᠶᠤᠮ ᠪᠣᠢ? ᠭᠡᠷ ᠣᠷᠣᠨ ᠮᠢᠨᠢ ᠬᠠᠢᠷ᠎ᠠ ᠪᠠᠷ ᠳᠦᠭᠦᠷᠦᠨ᠎ᠡ ᠰᠢᠦ ᠳᠡ》 ᠭᠡᠯᠡ᠃ ᠨᠥᠬᠥᠷ ᠨᠢ᠄《ᠪᠢᠳᠡ ᠥᠬᠢᠨ ᠦ᠌ ᠪᠡᠨ ᠵᠥᠪᠯᠡᠯᠭᠡ ᠶ᠋ᠢ ᠳᠠᠭᠠᠵᠠᠭᠠᠶᠠ᠂ ᠶᠠᠪᠤᠵᠤ ᠣᠴᠢᠭᠠᠳ ᠬᠠᠢᠷ᠎ᠠ ᠶ᠋ᠢ ᠭᠡᠷ ᠲᠡᠭᠡᠨ ᠤᠷᠢᠭᠠᠳ ᠢᠷ᠎ᠡ!》 ᠭᠡᠯᠡ᠃ ᠡᠬᠡᠨᠡᠷ ᠭᠡᠷ ᠡᠴᠡ ᠭᠠᠷᠴᠤ ᠭᠤᠷᠪᠠᠨ ᠡᠪᠦᠭᠡᠨ ᠡᠴᠡ᠄《ᠲᠠ ᠨᠠᠷ ᠤ᠋ᠨ ᠬᠡᠨ ᠨᠢ ᠬᠠᠢᠷ᠎ᠠ ᠪᠢᠯᠡ? ᠪᠢᠳᠡ ᠬᠠᠢᠷ᠎ᠠ ᠶ᠋ᠢ ᠤᠷᠢᠳᠠᠪᠡᠷ ᠭᠡᠷ ᠲᠡᠭᠡᠨ ᠤᠷᠢᠶ᠎ᠠ》 ᠭᠡᠵᠡᠢ᠃ ᠬᠠᠢᠷ᠎ᠠ ᠪᠣᠰᠤᠭᠠᠳ ᠪᠠᠢᠰᠢᠩ ᠤᠷᠤᠭᠤ ᠠᠯᠬᠤᠪᠠ᠃ ᠬᠠᠷᠢᠨ ᠨᠥᠭᠦᠭᠡ ᠬᠣᠶᠠᠷ ᠨᠢ ᠴᠦ᠍ ᠲᠡᠭᠦᠨ ᠢ᠋ ᠳ᠋ᠨᠭᠠᠨ ᠠᠯᠬᠤᠵᠤ ᠭᠡᠨ᠎ᠡ᠃ ᠭᠠᠢᠬᠠᠭᠰᠠᠨ ᠬᠠᠲᠤᠭᠲᠠᠢ ᠡᠳ᠋ ᠪᠠᠶᠠᠯᠢᠭ᠂ ᠠᠮᠵᠢᠯᠲᠠ ᠬᠣᠶᠠᠷ ᠠ᠋ᠴᠠ᠄《ᠪᠢ ᠵᠥᠪᠬᠡᠨ ᠬᠠᠢᠷ᠎ᠠ ᠶ᠋ᠢ ᠤᠷᠢᠭᠰᠠᠨ ᠰᠢᠦ ᠳᠡ᠃ ᠶᠠᠭᠠᠬᠢᠭᠠᠳ ᠲᠠ ᠬᠣᠶᠠᠷ ᠲᠡᠭᠦᠨ ᠢ᠋ ᠳᠠᠭᠠᠵᠤ ᠪᠠᠢᠨ᠎ᠠ ᠪᠣᠢ?》 ᠭᠡᠵᠦ ᠠᠰᠠᠭᠤᠯ᠎ᠠ᠃ ᠲᠡᠭᠡᠬᠦ ᠳ᠋ᠦ᠍ ᠡᠪᠦᠭᠡᠳ᠄《ᠬᠡᠷᠪᠡ ᠲᠠ ᠨᠠᠷ ᠡᠳ᠋ ᠪᠠᠶᠠᠯᠢᠭ ᠪᠤᠶᠤ ᠠᠮᠵᠢᠯᠲᠠ ᠶ᠋ᠢᠨ ᠠᠯᠢ ᠨᠢᠭᠡ ᠶ᠋ᠢ ᠨᠢ ᠤᠷᠢᠭᠰᠠᠨ ᠪᠣᠯ ᠪᠤᠰᠤᠳ ᠬᠣᠶᠠᠷ ᠨᠢ ᠭᠠᠳᠠᠨ᠎ᠠ ᠪᠠᠢᠬᠤ ᠪᠠᠢᠭᠰᠠᠨ ᠶᠤᠮ᠃ ᠨᠢᠭᠡᠨᠲᠡ ᠬᠠᠢᠷ᠎ᠠ ᠶ᠋ᠢ ᠤᠷᠢᠭᠰᠠᠨ ᠲᠤᠯᠠ ᠲᠡᠭᠦᠨ ᠢ᠋ ᠳᠠᠭᠠᠵᠤ ᠪᠢᠳᠡ ᠪᠠᠢᠩᠭᠤ ᠶᠠᠪᠤᠳᠠᠭ ᠶᠤᠮ᠃ ᠬᠠᠢᠷ᠎ᠠ ᠬᠠᠮᠢᠭ᠎ᠠ ᠪᠠᠢᠪᠠᠯ ᠲᠡᠨᠳᠡ ᠡᠳ᠋ ᠪᠠᠶᠠᠯᠢᠭ ᠪᠣᠯᠤᠨ ᠠᠮᠵᠢᠯᠲᠠ ᠪᠠᠢᠳᠠᠭ ᠶᠤᠮ》 ᠭᠡᠵᠦ ᠬᠠᠷᠢᠭᠤᠯᠵᠠᠢ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
