ᠵᠣᠪᠠᠭᠰᠠᠨ ᠰᠦ - ᠪᠠᠪᠤᠤ ᠶ᠋ᠢᠨ ᡀᠬᠠᠪᠠᠰᠥ᠋ᠷᠦᠩ Зовсон сүү — Бавуугийн Лхагвасүрэн
ᠦᠵᠡᠰᠬᠦᠯᠡᠩᠲᠦ ᠪᠦᠰᠡᠭᠦᠢ ᠬᠣᠷᠸ᠎ᠠ ᠳᠤᠮᠳᠠᠭᠤᠷ
ᠤᠰᠤ ᠮᠡᠲᠦ ᠤᠷᠤᠰᠤᠨ᠎ᠠ᠃
ᠳᠣᠯᠭᠢᠶ᠎ᠠ ᠳᠡᠭᠡᠷ᠎ᠡ ᠨᠢ ᠤᠯᠠᠩᠭᠠᠰᠤᠭᠰᠠᠨ ᠨᠢᠳᠦ ᠨᠦ᠍ᠭᠦᠳ
ᠣᠷᠣᠢ ᠨᠠᠮᠤᠷ ᠤ᠋ᠨ ᠨᠠᠪᠴᠢ ᠰᠢᠭ ᠬᠥᠪᠦᠨᠡ᠃
ᠬᠥᠪᠡᠭᠡᠨ ᠳᠡᠭᠡᠷ᠎ᠡ ᠨᠢ ᠬᠠᠢᠷ᠎ᠠ ᠶ᠋ᠢᠨ《ᠵᠢᠭᠠᠰᠤᠴᠢᠳ》
ᠭᠣᠷᠢᠳᠠᠨ ᠬᠥᠯᠥᠷᠡᠵᠦ ᠬᠥᠭᠯᠡᠷᠡᠨ᠎ᠡ᠃
ᠦᠵᠡᠰᠬᠦᠯᠡᠩᠲᠦ ᠪᠦᠰᠡᠭᠦᠢ ᠬᠣᠷᠸ᠎ᠠ ᠳᠤᠮᠳᠠᠭᠤᠷ
ᠤᠰᠤ ᠮᠡᠲᠦ ᠤᠷᠤᠰᠤᠨ᠎ᠠ᠃
ᠵᠠᠯᠭᠢᠯᠠᠵᠤ ᠴᠢᠳᠠᠭᠰᠠᠨ ᠨᠢ ᠪᠡᠶ᠎ᠡ ᠪᠡᠨ《ᠲᠥᠷᠥᠵᠦ》 ᠤᠬᠢᠶᠠᠨ᠎ᠠ
ᠵᠠᠶᠠᠭ᠎ᠠ ᠳᠤᠲᠠᠭᠰᠠᠨ ᠨᠢ《ᠭᠣᠷᠢᠳᠠᠵᠤ》ᠰᠢᠯᠦᠩᠭᠢᠲᠦᠨᠡ᠃
ᠡᠷᠭᠢ ᠳᠡᠭᠡᠷ᠎ᠡ ᠡᠴᠡ ᠲᠣᠩᠭᠣᠢᠭᠰᠠᠨ ᠮᠥᠴᠢᠷ ᠪᠦᠬᠦᠨ ᠳ᠋ᠦ᠍ ᠰᠠᠷᠠᠴᠢᠭᠤᠯᠵᠤ
ᠡᠷᠬᠢᠮᠰᠦᠭ ᠦᠵᠡᠰᠬᠦᠯᠡᠩ ᠭᠠᠩᠳᠠᠵᠤ ᠭᠤᠨᠳᠠᠵᠤ ᠤᠷᠤᠰᠤᠨ᠎ᠠ᠃
ᠦᠵᠡᠰᠬᠦᠯᠡᠩᠲᠦ ᠪᠦᠰᠡᠭᠦᠢ ᠤᠷᠤᠰᠬᠠᠯ ᠢ᠋ᠶ᠋ᠠᠨ ᠲᠠᠲᠠᠵᠤ
ᠡᠬᠡ ᠭᠠᠵᠠᠷ ᠲᠠᠭᠠᠨ ᠰᠢᠷᠭᠤᠨ ᠰᠢᠷᠭᠢᠨ᠎ᠡ ᠁
— ᠶᠡᠬᠡ ᠦᠵᠡᠰᠬᠦᠯᠡᠩ ᠬᠠᠢᠷ᠎ᠠ ᠦᠵᠡᠳᠡᠭ ᠦᠭᠡᠢ ᠁ ᠭᠡᠵᠦ
ᠡᠷᠭᠢ ᠶ᠋ᠢᠨ ᠴᠢᠯᠠᠭᠤ ᠨᠤᠭᠤᠳ ᠵᠢᠩᠭᠢᠨᠡᠨ ᠭᠠᠰᠠᠯᠤᠨ᠎ᠠ᠃
ᠴᠠᠩᠭᠠᠵᠤ ᠣᠮᠣᠭᠣᠯᠲᠤᠭᠰᠠᠨ ᠤᠷᠤᠭᠤᠯ ᠤ᠋ᠳ ᠳᠤᠷᠠᠰᠤᠮᠵᠢ ᠪᠤᠷᠠᠵᠤ
ᠴᠠᠭ ᠢ᠋ ᠡᠵᠡᠯᠡᠭᠰᠡᠨ ᠦᠵᠡᠰᠬᠦᠯᠡᠩ ᠢ᠋ᠶ᠋ᠡᠷ ᠨᠢ ᠨᠠᠮᠲᠠᠷ ᠢ᠋ᠶ᠋ᠠᠨ ᠴᠢᠮᠡᠨ᠎ᠡ᠃
2004 ᠣᠨ᠂
ᠢᠰᠲ᠋ᠠᠮᠪᠦᠢ᠍ᠯ ᠬᠣᠲᠠ
《ᠵᠣᠪᠠᠭᠰᠠᠨ ᠰᠦ》 ᠡᠴᠡ ᠬᠠᠭᠤᠯᠤᠨ ᠪᠢᠴᠢᠪᠡ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠠᠮᠢᠯᠠᠭᠤᠯᠤᠭᠴᠢ᠄ ᠪᠠᠶᠠᠷᠴᠡᠴᠡᠭ