ᠮᠣᠩᠭᠣᠯ ᠬᠡᠯᠡ-ᠥᠯᠵᠡᠢᠳᠡᠯᠭᠡᠷ-ᠰᠢᠯᠦᠭМонгол хэл-шүлэгResistance continues
ᠮᠣᠩᠭᠣᠯ ᠬᠡᠯᠡ
ᠵᠣᠬᠢᠶᠠᠭᠴᠢ: ᠥᠯᠵᠡᠢᠳᠡᠯᠭᠡᠷ
ᠰᠠᠢᠨ ᠤᠤ ᠭᠡᠵᠦ ᠲᠠᠨ ᠳ᠋ᠠᠭᠠᠨ ᠮᠡᠨᠳᠦᠯᠡᠶᠡ
ᠰᠠᠢᠨ ᠭᠡᠵᠦ ᠥᠴᠢᠬᠦ ᠶ᠋ᠢ ᠴᠢᠨᠢ ᠰᠣᠨᠣᠰᠤᠶ᠎ᠠ
ᠡᠨᠡ ᠳᠡᠯᠡᠬᠡᠢ ᠮᠣᠩᠭᠣᠯ ᠭᠡᠳᠡᠭ
ᠢᠩᠭᠢᠵᠦ ᠬᠡᠯᠡᠭᠰᠡᠨ ᠬᠣᠶᠠᠷ ᠦᠭᠡ ᠶ᠋ᠢ ᠴᠦ᠍
ᠡᠨᠡ ᠳᠡᠯᠡᠬᠡᠢ ᠮᠣᠩᠭᠣᠯ ᠭᠡᠳᠡᠭ
ᠮᠣᠩᠭᠣᠯ ᠬᠡᠯᠡ ᠮᠢᠨᠢ ᠬᠠᠳᠠᠭ ᠯᠠ ᠪᠢᠰᠢ
ᠮᠦᠽᠧᠢ ᠳ᠋ᠦ᠍ ᠲᠠᠯᠪᠢᠳᠠᠭ ᠰᠤᠳᠤᠷ ᠴᠤ᠌ ᠪᠢᠰᠢ
ᠮᠡᠷᠭᠡᠨ ᠤᠬᠠᠭᠠᠨ ᠬᠣᠣᠰᠯᠠᠨ ᠪᠦᠷᠢᠳᠦᠭᠰᠡᠨ
ᠮᠣᠩᠭᠣᠯ ᠤ᠋ᠨ ᠳᠡᠭᠡᠳᠦᠰ ᠠᠯᠢ ᠨᠢᠭᠡ ᠭᠠᠯᠪᠠ ᠳ᠋ᠤ᠌
ᠮᠣᠩᠭᠣᠯ ᠢ᠋ᠶ᠋ᠠᠨ ᠮᠣᠳᠣᠨ ᠡᠴᠡ ᠡᠯᠭᠦᠭᠦᠯᠬᠦ ᠦᠭᠡᠢ ᠭᠡᠵᠦ
ᠮᠥᠷᠦᠨ ᠳ᠋ᠦ᠍ ᠪᠡᠨ ᠡᠮᠦᠰᠦᠭᠰᠡᠨ ᠵᠣᠳᠣᠭ ᠶᠤᠮ
ᠮᠣᠷᠢ ᠪᠠᠨ ᠪᠡᠶ᠎ᠡ ᠡᠴᠡ ᠪᠡᠨ ᠵᠠᠢᠳᠠᠭᠤᠯᠬᠤ ᠦᠭᠡᠢ ᠭᠡᠵᠦ
ᠮᠤᠰᠬᠢᠵᠦ ᠲᠠᠯᠪᠢᠭᠰᠠᠨ ᠴᠢᠳᠥᠷ ᠶᠤᠮ
ᠴᠥᠪ ᠦ᠋ᠨ ᠴᠠᠭ ᠢ᠋ ᠬᠡᠳᠦᠨᠲᠡ ᠲᠤᠭᠤᠯᠤᠭᠰᠠᠨ ᠴᠤ᠌
ᠴᠢᠳᠥᠷ ᠦ᠋ᠨ ᠮᠣᠷᠢ ᠮᠢᠨᠢ ᠪᠠᠶᠠᠨ ᠡᠴᠡ ᠵᠠᠢᠳᠠᠭᠠ ᠦᠭᠡᠢ
ᠴᠢᠳᠥᠷ ᠦ᠋ᠨ ᠮᠣᠷᠢᠨ ᠤ᠋ ᠪᠠᠨ ᠲᠡᠷᠡ ᠠᠴᠢ ᠪᠠᠷ
ᠴᠢᠩᠭᠢᠰ ᠦ᠋ᠨ ᠦᠷᠡᠰ ᠦ᠋ᠨ ᠴᠢᠰᠤ ᠬᠦᠷᠦᠭᠡ ᠦᠭᠡᠢ
ᠴᠠᠢ ᠪᠠᠨ ᠤᠤᠭᠤᠬᠤ ᠳ᠋ᠤ᠌ ᠥᠪᠡᠷ ᠦ᠋ᠨ ᠦᠭᠡ ᠲᠡᠢ
ᠴᠠᠮᠴᠠ ᠪᠠᠨ ᠡᠮᠦᠰᠬᠦ ᠳ᠋ᠦ᠍ ᠴᠦ᠍ ᠥᠪᠡᠷ ᠦ᠋ᠨ ᠦᠭᠡ ᠲᠡᠢ
ᠴᠠᠭᠠᠰᠤᠨ ᠳ᠋ᠤ᠌ ᠪᠢᠴᠢᠭᠰᠡᠨ 《ᠲᠠᠪᠤᠨ ᠮᠥᠰᠥ》 ᠲᠡᠢ
ᠴᠠᠰᠤᠨ ᠳ᠋ᠤ᠌ ᠭᠢᠰᠬᠢᠭᠰᠡᠨ ᠴᠠᠭᠠᠨ ᠮᠥᠷ ᠲᠡᠢ
ᠲᠢᠪ ᠦ᠋ᠨ ᠠᠯᠤᠰ ᠢ᠋ᠶ᠋ᠠᠷ ᠳᠣᠪᠲᠣᠯᠵᠤ ᠶᠠᠪᠤᠬᠤ ᠳ᠋ᠤ᠌
ᠮᠣᠩᠭᠣᠯ ᠦᠭᠡ ᠮᠢᠨᠢ ᠬᠤᠷ᠎ᠠ ᠪᠣᠯᠵᠠᠢ
ᠲᠥᠭᠡᠷᠢᠭᠰᠡᠨ ᠭᠠᠵᠠᠷ ᠠᠭᠤᠯᠵᠠᠭᠰᠠᠨ ᠬᠣᠶᠠᠭᠤᠯᠠ ᠳ᠋ᠤ᠌
ᠮᠣᠩᠭᠣᠯ ᠦᠭᠡ ᠮᠢᠨᠢ ᠬᠣᠨᠣᠭ ᠪᠣᠯᠵᠠᠢ
ᠡᠪᠦᠯ ᠦ᠋ᠨ ᠬᠦᠢᠲᠡᠨ ᠳ᠋ᠦ᠍ ᠳᠠᠬᠤ ᠪᠣᠯᠳᠠᠭ
ᠥᠪᠡᠷ ᠦ᠋ᠨ ᠨᠤᠲᠤᠭ ᠲᠤ᠌ ᠡᠵᠡᠨ ᠪᠣᠯᠳᠠᠭ
ᠥᠭᠡᠷᠡᠴᠢᠯᠡᠯ ᠦᠭᠡᠰ ᠦ᠋ᠨ ᠵᠠᠭᠤᠴᠢ ᠪᠣᠯᠳᠠᠭ
ᠥᠰᠢᠶᠡᠷᠬᠡᠯ ᠰᠠᠢᠷᠬᠠᠯ ᠤ᠋ᠨ ᠬᠠᠤᠯᠢᠴᠢ ᠪᠣᠯᠳᠠᠭ
ᠪᠠᠭᠠᠲᠤᠷᠯᠢᠭ ᠲᠡᠦᠬᠡᠨ ᠳ᠋ᠦ᠍ ᠳᠥᠯᠥ ᠪᠣᠯᠳᠠᠭ
ᠪᠠᠳᠠᠢ ᠬᠢᠰᠢᠯᠢᠭ ᠲᠦ᠍ ᠬᠡᠯᠡ ᠪᠣᠯᠳᠠᠭ
ᠪᠤᠳᠤᠩᠭᠤᠢ ᠡᠯᠡᠰᠦᠨ ᠳ᠋ᠦ᠍ ᠤᠰᠤ ᠪᠣᠯᠳᠠᠭ
ᠪᠣᠳᠣᠯ ᠤᠬᠠᠭᠠᠨ ᠳ᠋ᠤ᠌ ᠭᠡᠷ ᠮᠢᠨᠢ ᠪᠣᠯᠳᠠᠭ
ᠠᠪᠤ ᠳᠡᠭᠡᠳᠦ ᠡᠴᠡ ᠥᠪᠯᠡᠭᠰᠡᠨ
ᠠᠭᠤᠯᠠ ᠭᠣᠣᠯ ᠮᠢᠨᠢ ᠮᠣᠩᠭᠣᠯ ᠬᠡᠯᠡ ᠲᠡᠢ
ᠠᠭᠠᠷ ᠲᠡᠭᠷᠢ ᠡᠴᠡ ᠠᠰᠬᠠᠷᠠᠨ ᠪᠠᠭᠤᠭᠰᠠᠨ
ᠨᠠᠷᠠ ᠬᠤᠷ᠎ᠠ ᠮᠢᠨᠢ ᠴᠦ᠍ ᠮᠣᠩᠭᠣᠯ ᠬᠡᠯᠡ ᠲᠡᠢ
ᠠᠲᠠᠷ ᠳᠡᠯᠡᠬᠡᠢ ᠶ᠋ᠢᠨ ᠴᠠᠩᠭᠠᠭ᠎ᠠ ᠶ᠋ᠢ ᠲᠠᠢᠯᠤᠭᠰᠠᠨ
ᠠᠭᠲᠠ ᠶ᠋ᠢᠨ ᠲᠤᠭᠤᠷᠠᠢ ᠮᠣᠩᠭᠣᠯ ᠬᠡᠯᠡ ᠲᠡᠢ
ᠠᠮᠤᠭᠤᠯᠠᠩ ᠬᠣᠷᠸ᠎ᠠ ᠶ᠋ᠢᠨ ᠴᠣᠩᠬᠣ ᠶ᠋ᠢ ᠰᠡᠬᠦᠭᠰᠡᠨ
ᠨᠠᠷᠠ ᠬᠤᠷ᠎ᠠ ᠮᠢᠨᠢ ᠴᠦ᠍ ᠮᠣᠩᠭᠣᠯ ᠬᠡᠯᠡ ᠲᠡᠢ
ᠷᠠᠳᠢᠣ᠋ ᠳᠣᠯᠭᠢᠶᠠᠨ ᠴᠤ᠌ ᠮᠣᠩᠭᠣᠯ ᠬᠡᠯᠡ ᠲᠡᠢ
ᠠᠯᠠᠭ ᠨᠣᠬᠠᠢ ᠬᠤᠴᠠᠭᠠᠳ ᠭᠠᠷᠤᠭᠰᠠᠨ
ᠠᠢᠯ ᠤ᠋ᠨ ᠪᠠᠢᠰᠢᠩ ᠮᠣᠩᠭᠣᠯ ᠬᠡᠯᠡ ᠲᠡᠢ
ᠠᠷᠭᠠᠯ ᠤ᠋ᠨ ᠭᠠᠯ ᠡᠴᠡ ᠬᠦᠢ ᠵᠠᠯᠭᠠᠭᠰᠠᠨ
ᠠᠬᠤᠢ ᠰᠣᠶᠣᠯ ᠮᠣᠩᠭᠣᠯ ᠬᠡᠯᠡ ᠲᠡᠢ
ᠠᠭᠤᠤ ᠲᠥᠷᠥ ᠶ᠋ᠢᠨ ᠢ᠋ᠶ᠋ᠡᠨ ᠰᠦᠯᠳᠡ ᠶ᠋ᠢ ᠲᠦᠰᠢᠵᠦ
ᠠᠵᠢᠯᠴᠢᠨ ᠮᠠᠯᠴᠢᠨ ᠮᠣᠩᠭᠣᠯ ᠬᠡᠯᠡ ᠲᠡᠢ
ᠠᠷᠠᠳ ᠲᠦᠮᠡᠨ ᠦ᠌ ᠪᠡᠨ ᠪᠤᠶᠠᠨ ᠢ᠋ ᠰᠢᠲᠦᠵᠦ
ᠠᠶᠠᠯᠭᠤᠴᠢᠨ ᠳᠠᠭᠤᠴᠢᠨ ᠴᠤ᠌ ᠮᠣᠩᠭᠣᠯ ᠬᠡᠯᠡ ᠲᠡᠢ
ᠰᠠᠢᠨ ᠤᠤ ᠭᠡᠵᠦ ᠲᠠᠨ ᠳ᠋ᠠᠭᠠᠨ ᠮᠡᠨᠳᠦᠯᠡᠶᠡ
ᠰᠠᠢᠨ ᠭᠡᠵᠦ ᠥᠴᠢᠬᠦ ᠶ᠋ᠢ ᠴᠢᠨᠢ ᠰᠣᠨᠣᠰᠤᠶ᠎ᠠ
ᠡᠨᠡ ᠳᠡᠯᠡᠬᠡᠢ ᠮᠣᠩᠭᠣᠯ ᠭᠡᠳᠡᠭ
ᠢᠩᠭᠢᠵᠦ ᠬᠡᠯᠡᠭᠰᠡᠨ ᠬᠣᠶᠠᠷ ᠦᠭᠡ ᠶ᠋ᠢ ᠴᠦ᠍
ᠡᠨᠡ ᠳᠡᠯᠡᠬᠡᠢ ᠮᠣᠩᠭᠣᠯ ᠭᠡᠳᠡᠭ
