ᠠᠷᠢᠬᠢᠨ ᠬᠣᠯᠪᠣᠭ᠎ᠠ - ᠬᠤᠭᠤᠷᠴᠢ ᠦᠰᠬᠦᠪᠣᠶᠠᠨ Архин холбоо-Хуурч Үсэхвуян
ᠠᠷᠢᠬᠢᠨ ᠬᠣᠯᠪᠣᠭ᠎ᠠ
1960 ᠣᠨ ᠳ᠋ᠤ᠌ ᠠᠬᠠᠮᠠᠳ ᠬᠤᠭᠤᠷᠴᠢ ᠦᠰᠬᠦᠪᠣᠶᠠᠨ ᠬᠡᠯᠡᠵᠦ ᠦᠯᠡᠳᠡᠭᠡᠪᠡ
ᠽᠠᠨᠳᠠᠨ ᠬᠤᠭᠤᠷ ᠢ᠋ ᠪᠡᠨ ᠲᠠᠲᠠᠵᠤ
ᠰᠢᠯᠦᠭ ᠦ᠋ᠨ ᠳᠡᠭᠡᠵᠢ ᠪᠡᠨ ᠳᠡᠪᠰᠢᠭᠦᠯᠦᠶ᠎ᠡ
ᠰᠠᠷᠬᠤᠳ ᠬᠠᠳᠠᠭ ᠢ᠋ᠶ᠋ᠠᠨ ᠡᠷᠭᠦᠵᠦ
ᠰᠢᠨ᠎ᠡ ᠵᠢᠯ ᠦ᠋ᠨ ᠪᠠᠶᠠᠷ ᠢ᠋ᠶ᠋ᠠᠨ ᠪᠡᠯᠭᠡᠯᠡᠶ᠎ᠡ
ᠠᠯᠲᠠᠨ ᠭᠤᠷᠭᠤᠤᠯᠳᠠᠢ ᠶ᠋ᠢᠨ ᠡᠭᠡᠰᠢᠭᠯᠡᠯ ᠲᠡᠢ
ᠠᠷᠠᠯᠲᠤ ᠬᠤᠭᠤᠷ ᠢ᠋ ᠪᠡᠨ ᠲᠠᠲᠠᠵᠤ
ᠠᠷᠢᠬᠢ ᠪᠣᠯᠤᠨ ᠰᠠᠷᠬᠤᠳ ᠤ᠋ᠨ
ᠠᠮᠲᠠ ᠰᠢᠮᠳᠠ ᠶ᠋ᠢ ᠮᠠᠭᠲᠠᠶ᠎ᠠ
ᠰᠠᠷᠠᠨ ᠬᠥᠬᠥᠭᠡ ᠶ᠋ᠢᠨ ᠡᠭᠡᠰᠢᠭᠯᠡᠯ ᠲᠡᠢ
ᠽᠠᠨᠳᠠᠨ ᠬᠤᠭᠤᠷ ᠢ᠋ ᠪᠡᠨ ᠲᠠᠲᠠᠵᠤ
ᠰᠠᠷᠬᠤᠳ ᠪᠣᠯᠤᠨ ᠨᠠᠩᠴᠢᠳ ᠤ᠋ᠨ
ᠰᠢᠪᠰᠢᠭ ᠱᠣᠭ ᠢ᠋ ᠴᠤ᠌ ᠬᠣᠯᠪᠣᠶ᠎ᠠ
ᠪᠠᠯᠠᠷ ᠡᠷᠲᠡᠨ ᠡᠴᠡ ᠪᠡᠨ ᠡᠷᠬᠢᠮᠯᠡᠭᠰᠡᠨ
ᠪᠠᠯ ᠤ᠋ᠨ ᠠᠮᠲᠠ ᠲᠠᠢ ᠠᠷᠢᠬᠢ ᠯᠠ ᠶᠤᠮ
ᠪᠠᠶᠠᠷ ᠨᠠᠢᠷ ᠤ᠋ᠨ ᠨᠠᠭᠠᠳᠤᠮ ᠳᠡᠭᠡᠷ᠎ᠡ
ᠪᠡᠯᠡᠭ ᠦ᠋ᠨ ᠳᠡᠭᠡᠵᠢ ᠨᠢ ᠴᠤ᠌ ᠠᠷᠢᠬᠢ ᠯᠠ ᠶᠤᠮ
ᠤᠷᠢᠳᠤ ᠶ᠋ᠢᠨ ᠲᠡᠦᠬᠡᠨ ᠡᠴᠡ ᠤᠯᠠᠮᠵᠢᠯᠠᠭᠰᠠᠨ
ᠤᠮᠳᠠ ᠶ᠋ᠢᠨ ᠳᠡᠭᠡᠳᠦ ᠨᠢ ᠴᠦ᠍ ᠠᠷᠢᠬᠢ ᠯᠠ ᠶᠤᠮ
ᠤᠯᠤᠰ ᠳᠠᠶᠠᠭᠠᠷ ᠢ᠋ᠶ᠋ᠠᠨ ᠡᠷᠬᠢᠮᠯᠡᠳᠡᠭ
ᠤᠤᠭᠤᠭᠠᠳ ᠬᠠᠨᠤᠰᠢ ᠦᠭᠡᠢ ᠰᠠᠷᠬᠤᠳ ᠶᠤᠮ
ᠪᠠᠭᠠᠲᠤᠷ ᠲᠦᠮᠡᠨ ᠢ᠋ ᠪᠡᠨ ᠤᠭᠲᠤᠬᠤᠯᠠᠷ
ᠪᠡᠯᠭᠡᠯᠡᠭᠡᠳ ᠪᠠᠷᠢᠳᠠᠭ ᠠᠷᠢᠬᠢ ᠯᠠ ᠶᠤᠮ
ᠪᠠᠶᠠᠷ ᠨᠠᠢᠷ ᠤ᠋ᠨ ᠨᠠᠭᠠᠳᠤᠮ ᠳᠡᠭᠡᠷ᠎ᠡ
ᠪᠠᠰᠠ ᠴᠤ᠌ ᠡᠷᠬᠢᠮ ᠨᠢ ᠠᠷᠢᠬᠢ ᠶᠤᠮ
ᠶᠢᠰᠦᠨ ᠲᠠᠷᠢᠶᠠᠨ ᠤ᠋ ᠦᠷ᠎ᠡ ᠰᠢᠮ᠎ᠡ ᠪᠡᠷ
ᠢᠰᠬᠡᠭᠡᠳ ᠨᠡᠷᠡᠭᠰᠡᠨ ᠠᠷᠢᠬᠢ ᠴᠤ᠌ ᠪᠣᠢ
ᠠᠢᠷᠠᠭ ᠰᠦ ᠶ᠋ᠢᠨ ᠰᠢᠮ᠎ᠡ ᠠᠮᠲᠠ ᠪᠠᠷ
ᠨᠠᠢᠷᠠᠭᠤᠯᠤᠭᠠᠳ ᠨᠡᠷᠡᠭᠰᠡᠨ ᠠᠷᠢᠬᠢ ᠴᠤ᠌ ᠪᠣᠢ
ᠴᠡᠴᠡᠭ ᠨᠠᠪᠴᠢ ᠶ᠋ᠢᠨ ᠦᠨᠦᠷ ᠰᠢᠮ᠎ᠡ ᠪᠡᠷ
ᠵᠢᠩᠨᠡᠭᠡᠳ ᠨᠡᠷᠡᠭᠰᠡᠨ ᠰᠠᠷᠬᠤᠳ ᠴᠤ᠌ ᠪᠣᠢ
ᠵᠢᠮᠢᠰ ᠦᠵᠦᠮ ᠦ᠋ᠨ ᠰᠢᠭᠦᠰᠦ ᠪᠡᠷ ᠢ᠋ᠶ᠋ᠡᠨ
ᠰᠢᠬᠠᠵᠤ ᠨᠡᠷᠡᠭᠰᠡᠨ ᠰᠠᠷᠬᠤᠳ ᠪᠣᠢ
ᠪᠠᠷᠰ ᠯᠤᠤ ᠶ᠋ᠢᠨ ᠶᠠᠰᠤ ᠪᠠᠷ
ᠪᠠᠯᠪᠠᠴᠢᠭᠠᠳ ᠨᠡᠷᠡᠭᠰᠡᠨ ᠰᠠᠷᠬᠤᠳ ᠪᠣᠢ
ᠪᠠᠯ ᠰᠢᠬᠢᠷ ᠢ᠋ ᠬᠣᠯᠢᠵᠤ ᠪᠠᠢᠭᠠᠳ
ᠨᠠᠢᠷᠠᠭᠤᠯᠤᠭᠠᠳ ᠨᠡᠷᠡᠭᠰᠡᠨ ᠰᠠᠷᠬᠤᠳ ᠪᠣᠢ
ᠤᠯᠠᠭᠠᠨ ᠨᠣᠭᠣᠭᠠᠨ ᠥᠩᠭᠡ ᠲᠡᠢ
ᠣᠯᠠᠨ ᠴᠤ᠌ ᠵᠦᠢᠯ ᠦ᠋ᠨ ᠠᠷᠢᠬᠢ ᠨᠤᠭᠤᠳ ᠪᠣᠢ
ᠤᠤᠭᠤᠳᠠᠭ ᠣᠯᠠᠨ ᠤ᠋ ᠮᠡᠳᠡᠵᠦ ᠪᠠᠢᠬᠤ ᠪᠠᠷ
ᠣᠳᠣ ᠳᠡᠮᠡᠢ ᠲᠣᠭᠠᠴᠢᠬᠤ ᠦᠭᠡᠢ ᠰᠢᠦ
ᠵᠢᠮᠢᠰ ᠦᠵᠦᠮ ᠦ᠋ᠨ ᠠᠮᠲᠠ ᠲᠠᠢ
ᠵᠦᠢᠯ ᠵᠦᠢᠯ ᠦ᠋ᠨ ᠠᠷᠢᠬᠢ ᠨᠤᠭᠤᠳ ᠪᠣᠢ
ᠵᠣᠭᠣᠭᠯᠠᠳᠠᠭ ᠲᠠ ᠨᠠᠷ ᠤ᠋ᠨ ᠮᠡᠳᠡᠵᠦ ᠪᠠᠢᠬᠤ ᠪᠠᠷ
ᠵᠦᠢᠷᠯᠡᠵᠦ ᠳᠡᠮᠡᠢ ᠬᠡᠯᠡᠬᠦ ᠦᠭᠡᠢ ᠰᠢᠦ
ᠰᠢᠯ ᠦ᠋ᠨ ᠯᠣᠩᠬᠣᠨ ᠳ᠋ᠤ᠌ ᠮᠡᠯᠮᠡᠯᠵᠡᠭᠡᠳ
ᠰᠢᠯᠦᠰᠦ ᠭᠣᠭᠣᠵᠢᠮᠠᠷ ᠭᠠᠢᠬᠠᠯ ᠲᠡᠷᠡ
ᠰᠢᠮᠡᠭᠡᠳ ᠵᠠᠯᠭᠢᠭᠠᠳ ᠦᠵᠡᠶ᠎ᠡ ᠯᠡ ᠭᠡᠳ
ᠰᠢᠭᠢᠳᠦᠭᠦᠯᠦᠭᠡᠳ ᠪᠠᠢᠳᠠᠭ ᠭᠠᠢᠬᠠᠯ ᠲᠡᠷᠡ
ᠪᠣᠷᠣ ᠴᠤ᠌ ᠯᠣᠩᠬᠣᠨ ᠳ᠋ᠤ᠌ ᠮᠡᠯᠮᠡᠯᠵᠡᠭᠡᠳ
ᠪᠠᠭᠠᠯᠵᠤᠤᠷ ᠬᠥᠳᠡᠯᠭᠡᠮᠡᠷ ᠭᠠᠢᠬᠠᠯ ᠲᠡᠷᠡ
ᠪᠤᠰᠢᠭᠤ ᠴᠤ᠌ ᠨᠢᠭᠡ ᠵᠠᠯᠭᠢᠶᠠ ᠭᠡᠳ
ᠪᠣᠳᠣᠭᠳᠠᠭᠤᠯᠤᠭᠠᠳ ᠪᠠᠢᠳᠠᠭ ᠭᠠᠢᠬᠠᠯ ᠲᠡᠷᠡ
ᠬᠦᠢᠲᠡᠨ ᠴᠦ᠍ ᠡᠳᠦᠷ ᠤᠤᠭᠤᠪᠠᠯ
ᠬᠤᠪᠴᠠᠰᠤ ᠪᠣᠯᠳᠠᠭ ᠭᠠᠢᠬᠠᠯ ᠲᠡᠷᠡ
ᠬᠡᠯᠡᠯᠴᠡᠵᠦ ᠶᠠᠷᠢᠯᠴᠠᠭᠠᠳ ᠰᠠᠭᠤᠬᠤ ᠳ᠋ᠤ᠌ ᠪᠠᠨ
ᠬᠡᠮᠵᠢᠶ᠎ᠡ ᠴᠤ᠌ ᠦᠭᠡᠢ ᠭᠠᠢᠬᠠᠯ
ᠬᠡᠢᠯᠡᠭᠦᠯᠵᠦ ᠳᠣᠭᠣᠯᠭᠠᠬᠤ ᠡᠪᠡᠳᠴᠢᠨ ᠳ᠋ᠦ᠍
ᠡᠮ ᠴᠤ᠌ ᠪᠣᠯᠳᠠᠭ ᠭᠠᠢᠬᠠᠯ ᠲᠡᠷᠡ
ᠬᠢᠷᠢ ᠡᠴᠡ ᠪᠠᠬᠠᠨ ᠬᠡᠲᠦᠷᠡᠭᠰᠡᠭᠡᠷ
ᠬᠡᠷᠡᠭᠦᠯ ᠪᠣᠯᠳᠠᠭ ᠭᠠᠢᠬᠠᠯ ᠲᠡᠷᠡ
ᠲᠠᠭᠠᠷᠠᠭᠰᠠᠨ ᠡᠳᠦᠷ ᠤᠤᠭᠤᠪᠠᠯ
ᠳᠠᠪᠬᠤᠴᠠᠭ᠎ᠠ ᠴᠤ᠌ ᠪᠣᠯᠳᠠᠭ ᠭᠠᠢᠬᠠᠯ ᠲᠡᠷᠡ
ᠲᠠᠭᠠᠷᠠᠵᠤ ᠬᠠᠮᠲᠤᠷᠠᠭᠠᠳ ᠬᠥᠭᠡᠷᠬᠦ ᠳ᠋ᠦ᠍ ᠪᠡᠨ
ᠲᠠᠪᠠᠲᠠᠢ ᠴᠤ᠌ ᠰᠠᠢᠬᠠᠨ ᠭᠠᠢᠬᠠᠯ ᠲᠡᠷᠡ
ᠳᠠᠪᠤᠰᠠᠩ ᠭᠡᠳᠡᠰᠦ ᠶ᠋ᠢᠨ ᠡᠪᠡᠳᠴᠢᠨ ᠳ᠋ᠦ᠍ ᠪᠡᠨ
ᠡᠮ ᠴᠤ᠌ ᠪᠣᠯᠳᠠᠭ ᠭᠠᠢᠬᠠᠯ ᠲᠡᠷᠡ
ᠳᠡᠩᠳᠡᠭᠦᠦ ᠬᠡᠲᠦᠷᠡᠲᠡᠯ᠎ᠡ ᠤᠤᠭᠤᠭᠰᠠᠭᠠᠷ
ᠲᠡᠢᠨ ᠪᠤᠰᠬᠠᠳᠠᠭ ᠭᠠᠢᠬᠠᠯ ᠲᠡᠷᠡ
ᠪᠠᠭ᠎ᠠ ᠪᠠᠭ᠎ᠠ ᠪᠠᠷ ᠤᠤᠭᠤᠪᠠᠯ
ᠪᠠᠯ ᠤ᠋ᠨ ᠠᠮᠲᠠ ᠲᠠᠢ ᠭᠠᠢᠬᠠᠯ ᠲᠡᠷᠡ
ᠪᠠᠬᠠᠨ ᠳᠡᠩᠳᠡᠭᠦᠦ ᠵᠣᠭᠣᠭᠯᠠᠭᠰᠠᠭᠠᠷ
ᠪᠠᠷᠴᠢᠳ ᠪᠣᠯᠳᠠᠭ ᠭᠠᠢᠬᠠᠯ ᠲᠡᠷᠡ
ᠰᠢᠮᠡᠨ ᠰᠢᠮᠡᠨ ᠤᠤᠭᠤᠪᠠᠯ
ᠰᠢᠬᠢᠷ ᠲᠡᠢ ᠠᠳᠠᠯᠢ ᠭᠠᠢᠬᠠᠯ ᠲᠡᠷᠡ
ᠬᠢᠷᠢ ᠡᠴᠡ ᠪᠡᠨ ᠪᠠᠬᠠᠨ ᠬᠡᠲᠦᠷᠡᠭᠰᠡᠭᠡᠷ
ᠰᠢᠪᠰᠢᠭ ᠪᠣᠯᠳᠠᠭ ᠭᠠᠢᠬᠠᠯ ᠲᠡᠷᠡ
ᠰᠠᠳᠤᠨ ᠲᠥᠷᠥᠯ ᠢ᠋ᠶ᠋ᠡᠷ ᠢ᠋ᠶ᠋ᠡᠨ ᠨᠠᠢᠷᠯᠠᠬᠤ ᠳ᠋ᠤ᠌
ᠰᠠᠯᠤᠰᠢ ᠦᠭᠡᠢ ᠰᠠᠷᠬᠤᠳ ᠶᠤᠮ
ᠰᠠᠨᠠᠭ᠎ᠠ ᠴᠤ᠌ ᠲᠠᠭᠠᠷᠠᠭᠠᠳ ᠤᠤᠭᠤᠪᠠᠯ
ᠴᠠᠳᠤᠰᠢ ᠦᠭᠡᠢ ᠰᠠᠷᠬᠤᠳ ᠶᠤᠮ
ᠨᠠᠭᠤᠷ ᠤ᠋ᠨ ᠢ᠋ᠶ᠋ᠠᠨ ᠤᠰᠤᠨ ᠳ᠋ᠤ᠌ ᠪᠠᠨ ᠤᠨᠠᠭᠰᠠᠨ
ᠬᠥᠮᠦᠨ ᠨᠣᠷᠬᠤ ᠦᠭᠡᠢ ᠴᠤ᠌ ᠭᠡᠮᠡᠨ ᠪᠠᠢᠨ᠎ᠠ ᠤᠤ ᠳᠠ
ᠨᠠᠩᠴᠢᠳ ᠰᠡᠷᠵᠢᠮ ᠢ᠋ᠶ᠋ᠡᠨ ᠲᠠᠲᠠᠭᠰᠠᠨ ᠬᠥᠮᠦᠨ
ᠨᠣᠮᠣᠬᠠᠨ ᠴᠤ᠌ ᠭᠡᠮᠡᠨ ᠪᠠᠢᠨ᠎ᠠ ᠤᠤ ᠳᠠ
ᠱᠠᠯᠪᠠᠭ ᠤᠰᠤᠨ ᠳ᠋ᠠᠭᠠᠨ ᠤᠨᠠᠭᠰᠠᠨ ᠬᠥᠮᠦᠨ
ᠰᠢᠪᠠᠷᠳᠠᠬᠤ ᠦᠭᠡᠢ ᠭᠡᠮᠡᠨ ᠪᠠᠢᠨ᠎ᠠ ᠤᠤ ᠳᠠ
ᠰᠠᠷᠬᠤᠳ ᠨᠠᠩᠴᠢᠳ ᠢ᠋ᠶ᠋ᠠᠨ ᠲᠠᠲᠠᠭᠰᠠᠨ ᠬᠥᠮᠦᠨ
ᠰᠠᠢᠨ ᠶᠠᠪᠤᠳᠠᠯ ᠴᠤ᠌ ᠭᠡᠮᠡᠨ ᠪᠠᠢᠨ᠎ᠠ ᠤᠤ ᠳᠠ
ᠵᠢᠷᠦᠬᠡᠨ ᠦ᠌ ᠪᠡᠨ ᠦᠭᠡ ᠶ᠋ᠢ ᠶᠠᠷᠢᠭᠠᠳ ᠪᠠᠢᠳᠠᠭ
ᠵᠦᠩ ᠴᠧᠩ① ᠰᠣᠭᠲᠣᠭᠤ ᠪᠠᠰᠠ ᠪᠠᠢᠨ᠎ᠠ
ᠵᠦᠢᠯ ᠦ᠋ᠨ ᠶᠠᠪᠤᠳᠠᠯ ᠢ᠋ ᠰᠤᠳᠤᠯᠤᠭᠠᠳ ᠪᠠᠢᠳᠠᠭ
ᠵᠥᠩᠴᠢ② ᠰᠣᠭᠲᠣᠭᠤ ᠪᠠᠰᠠ ᠴᠤ᠌ ᠪᠣᠢ
ᠪᠠᠷᠰ ᠲᠤ᠌ ᠪᠠᠨ ᠠᠳᠠᠯᠢ ᠪᠠᠭᠠᠲᠤᠷ ᠲᠣᠭᠰᠢᠨ
ᠪᠠ ᠸᠠᠩ③ ᠰᠣᠭᠲᠣᠭᠤ ᠪᠠᠰᠠ ᠴᠤ᠌ ᠪᠣᠢ
ᠪᠠᠰᠢᠷ ᠠᠷᠭᠠᠨ ᠳ᠋ᠠᠭᠠᠨ ᠮᠡᠷᠭᠡᠨ ᠪᠠᠢᠳᠠᠭ
ᠬᠠᠨ ᠰᠢᠨ④ ᠰᠣᠭᠲᠣᠭᠤ ᠪᠠᠰᠠ ᠴᠤ᠌ ᠪᠣᠢ
ᠦᠵᠡᠭᠰᠡᠨ ᠪᠦᠬᠦᠨ ᠢ᠋ᠶ᠋ᠡᠨ ᠶᠠᠷᠢᠭᠠᠳ ᠶᠠᠪᠤᠳᠠᠭ
ᠦᠨᠡᠨᠴᠢ ᠰᠣᠭᠲᠣᠭᠤ ᠪᠠᠰᠠ ᠴᠤ᠌ ᠪᠣᠢ
ᠦᠯᠢᠭᠡᠷ ᠲᠡᠦᠬᠡ ᠪᠡᠨ ᠬᠡᠯᠡᠭᠡᠳ ᠪᠠᠢᠳᠠᠭ
ᠬᠤᠭᠤᠷᠴᠢᠨ ᠰᠣᠭᠲᠣᠭᠤ ᠪᠠᠰᠠ ᠴᠤ᠌ ᠪᠣᠢ
ᠠᠬ᠎ᠠ ᠶᠡᠬᠡᠰ ᠢ᠋ᠶ᠋ᠡᠨ ᠬᠦᠨᠳᠦᠯᠡᠭᠡᠳ ᠪᠠᠢᠳᠠᠭ
ᠠᠮᠠᠷᠠᠭ ᠰᠣᠭᠲᠣᠭᠤ ᠪᠠᠰᠠ ᠴᠤ᠌ ᠪᠣᠢ
ᠠᠯᠠᠭᠠᠳᠠᠭᠠᠳ ᠠᠪᠤᠪᠠᠴᠤ ᠬᠥᠳᠡᠯᠬᠦ ᠦᠭᠡᠢ
ᠨᠣᠮᠣᠬᠠᠨ ᠰᠣᠭᠲᠣᠭᠤ ᠪᠠᠰᠠ ᠴᠤ᠌ ᠪᠣᠢ
ᠬᠥᠭᠡᠷᠴᠦ ᠨᠠᠢᠷᠯᠠᠭᠠᠳ ᠳᠠᠭᠤᠯᠠᠭᠠᠳ ᠪᠠᠢᠳᠠᠭ
ᠬᠥᠭᠵᠢᠮᠴᠢᠨ ᠰᠣᠭᠲᠣᠭᠤ ᠪᠠᠰᠠ ᠴᠤ᠌ ᠪᠣᠢ
ᠬᠥᠮᠦᠨ ᠴᠦ᠍ ᠪᠦᠬᠦᠨ ᠲᠡᠢ ᠨᠠᠭᠠᠳᠤᠭᠠᠳ ᠪᠠᠢᠳᠠᠭ
ᠬᠥᠭᠡᠷᠦᠦ ᠰᠣᠭᠲᠣᠭᠤ ᠪᠠᠰᠠ ᠴᠤ᠌ ᠪᠣᠢ
ᠪᠥᠭᠡᠮᠨᠡᠷᠡᠵᠦ ᠤᠨᠠᠭᠠᠳ ᠶᠠᠪᠤᠵᠤ ᠴᠢᠳᠠᠬᠤ ᠦᠭᠡᠢ
ᠪᠦᠳᠦᠷᠢᠭᠡ ᠰᠣᠭᠲᠣᠭᠤ ᠪᠠᠰᠠ ᠴᠤ᠌ ᠪᠣᠢ
ᠪᠦᠭᠦᠳᠡ ᠬᠥᠮᠦᠨ ᠲᠡᠢ ᠨᠣᠴᠣᠯᠳᠤᠭᠠᠳ ᠪᠠᠢᠳᠠᠭ
ᠪᠥᠬᠡᠴᠢᠨ ᠰᠣᠭᠲᠣᠭᠤ ᠪᠠᠰᠠ ᠴᠤ᠌ ᠪᠣᠢ
ᠡᠩᠭᠡᠷ ᠵᠠᠭᠠᠮ᠎ᠠ ᠪᠠᠨ ᠤᠷᠠᠴᠢᠬᠠᠭᠰᠠᠨ
ᠱᠠᠯᠳᠠᠩ ᠰᠣᠭᠲᠣᠭᠤ ᠪᠠᠰᠠ ᠴᠤ᠌ ᠪᠣᠢ
ᠡᠳ᠋ ᠲᠠᠸᠠᠷ ᠢ᠋ᠶ᠋ᠠᠨ ᠬᠡᠭᠡᠴᠢᠬᠡᠳᠡᠭ
ᠭᠠᠷᠤᠵᠠ ᠲᠠᠢ ᠰᠣᠭᠲᠣᠭᠤ ᠪᠠᠰᠠ ᠴᠤ᠌ ᠪᠣᠢ
ᠡᠷᠦᠢ ᠬᠤᠷᠤᠢ ᠦᠭᠡᠢ ᠳᠣᠪᠲᠣᠯᠤᠭᠠᠳ
ᠤᠨᠠᠳᠠᠭ ᠰᠣᠭᠲᠣᠭᠤ ᠪᠠᠰᠠ ᠴᠤ᠌ ᠪᠣᠢ
ᠡᠮᠡᠭᠡᠯ ᠲᠡᠢ ᠮᠣᠷᠢ ᠪᠠᠨ ᠠᠯᠳᠠᠴᠢᠬᠠᠳᠠᠭ
ᠶᠠᠪᠠᠭᠠᠨ ᠰᠣᠭᠲᠣᠭᠤ ᠪᠠᠰᠠ ᠴᠤ᠌ ᠪᠣᠢ
ᠬᠥᠳᠡᠭᠡ ᠭᠠᠳᠠᠨ᠎ᠠ ᠪᠠᠨ ᠬᠥᠷᠪᠡᠭᠡᠳ ᠪᠠᠢᠳᠠᠭ
ᠬᠥᠯᠴᠥᠭᠦᠦ ᠰᠣᠭᠲᠣᠭᠤ ᠪᠠᠰᠠ ᠴᠤ᠌ ᠪᠣᠢ
ᠬᠥᠯ ᠭᠠᠷ ᠢ᠋ᠶ᠋ᠠᠨ ᠬᠥᠯᠳᠡᠭᠡᠴᠢᠬᠡᠭᠰᠡᠨ
ᠵᠡᠮᠳᠡᠭ ᠰᠣᠭᠲᠣᠭᠤ ᠪᠠᠰᠠ ᠴᠤ᠌ ᠪᠣᠢ
ᠵᠡᠭᠡᠯᠢ ᠭᠤᠳᠤᠮᠵᠢ ᠪᠠᠷ ᠲᠦᠢᠪᠡᠭᠡᠳ ᠶᠠᠪᠤᠳᠠᠭ
ᠵᠡᠷᠯᠢᠭ ᠰᠣᠭᠲᠣᠭᠤ ᠪᠠᠰᠠ ᠴᠤ᠌ ᠪᠣᠢ
ᠵᠦᠢᠲᠡᠢ ᠵᠦᠢ ᠦᠭᠡᠢ ᠠᠭᠠᠰᠢᠯᠠᠭᠠᠳ ᠪᠠᠢᠳᠠᠭ
ᠵᠢᠭᠰᠢᠯ ᠲᠡᠢ ᠰᠣᠭᠲᠣᠭᠤ ᠪᠠᠰᠠ ᠴᠤ᠌ ᠪᠣᠢ
ᠠᠢᠯ ᠬᠣᠲᠠ ᠪᠠᠨ ᠬᠡᠰᠦᠭᠡᠳ ᠪᠠᠢᠳᠠᠭ
ᠠᠯᠢᠶ᠎ᠠ ᠰᠣᠭᠲᠣᠭᠤ ᠪᠠᠰᠠ ᠴᠤ᠌ ᠪᠣᠢ
ᠠᠵᠢᠯ ᠬᠥᠳᠡᠯᠮᠦᠷᠢ ᠡᠴᠡ ᠳᠤᠲᠠᠭᠠᠳᠠᠭ
ᠠᠯᠵᠠᠭᠤ ᠰᠣᠭᠲᠣᠭᠤ ᠪᠠᠰᠠ ᠴᠤ᠌ ᠪᠣᠢ
ᠰᠢᠯᠦᠰᠦ ᠨᠢᠰᠦ ᠪᠡᠨ ᠭᠣᠭᠣᠵᠢᠭᠤᠯᠳᠠᠭ
ᠰᠢᠯᠦᠬᠡᠢ ᠰᠣᠭᠲᠣᠭᠤ ᠪᠠᠰᠠ ᠴᠤ᠌ ᠪᠣᠢ
ᠰᠢᠳᠦ ᠠᠮᠠ ᠪᠠᠨ ᠳᠤᠤᠭᠠᠷᠭᠠᠳᠠᠭ
ᠠᠳᠠ ᠲᠠᠢ ᠰᠣᠭᠲᠣᠭᠤ ᠪᠠᠰᠠ ᠴᠤ᠌ ᠪᠣᠢ
ᠭᠠᠯ ᠲᠦᠢᠮᠡᠷ ᠠᠯᠳᠠᠴᠢᠬᠠᠳᠠᠭ
ᠭᠠᠮᠰᠢᠭ ᠲᠠᠢ ᠰᠣᠭᠲᠣᠭᠤ ᠪᠠᠰᠠ ᠴᠤ᠌ ᠪᠣᠢ
ᠬᠠᠰᠬᠢᠷᠴᠤ ᠪᠠᠷᠬᠢᠷᠠᠭᠠᠳ ᠤᠷᠢᠯᠠᠭᠠᠳ ᠪᠠᠢᠳᠠᠭ
ᠭᠠᠯᠵᠠᠭᠤ ᠰᠣᠭᠲᠣᠭᠤ ᠪᠠᠰᠠ ᠴᠤ᠌ ᠪᠣᠢ
ᠠᠭᠲᠠ ᠮᠣᠷᠢ ᠪᠠᠨ ᠮᠠᠭᠲᠠᠭᠠᠳ ᠪᠠᠢᠳᠠᠭ
ᠠᠳᠤᠭᠤᠴᠢᠨ ᠰᠣᠭᠲᠣᠭᠤ ᠪᠠᠰᠠ ᠴᠤ᠌ ᠪᠣᠢ
ᠠᠪᠠᠬᠠᠢ ᠭᠡᠷᠭᠡᠢ ᠶ᠋ᠢ ᠲᠣᠭᠣᠭᠠᠳ ᠪᠠᠢᠳᠠᠭ
ᠠᠢᠯᠤᠤ ᠰᠣᠭᠲᠣᠭᠤ ᠪᠠᠰᠠ ᠴᠤ᠌ ᠪᠣᠢ
ᠠᠪᠳᠠᠷ᠎ᠠ ᠳᠠᠩᠭᠦᠢ⑤ ᠪᠡᠨ ᠡᠪᠳᠡᠳᠡᠭ
ᠮᠤᠵᠢᠶᠠᠩ ⑥ᠰᠣᠭᠲᠣᠭᠤ ᠪᠠᠰᠠ ᠴᠤ᠌ ᠪᠣᠢ
ᠠᠶᠠᠭ᠎ᠠ ᠱᠠᠵᠠᠩ ᠢ᠋ᠶ᠋ᠠᠨ ᠬᠠᠭᠠᠴᠢᠭᠠᠳ ᠪᠠᠢᠳᠠᠭ
ᠶᠤᠤᠵᠢᠶᠠᠩ⑦ ᠰᠣᠭᠲᠣᠭᠤ ᠪᠠᠰᠠ ᠴᠤ᠌ ᠪᠣᠢ
ᠠᠯᠲᠠ ᠮᠥᠩᠭᠥᠨ ᠡᠳ᠋ ᠢ᠋ ᠪᠡᠨ ᠰᠦᠢᠳᠬᠡᠵᠦ ᠪᠠᠢᠳᠠᠭ
ᠶᠢᠨᠵᠢᠶᠠᠩ ⑧ᠰᠣᠭᠲᠣᠭᠤ ᠪᠠᠰᠠ ᠴᠤ᠌ ᠪᠣᠢ
ᠠᠷᠠᠰᠤᠨ ᠳᠡᠪᠡᠯ ᠢ᠋ ᠪᠡᠨ ᠤᠷᠠᠭᠠᠳ ᠪᠠᠢᠳᠠᠭ
ᠫᠢᠵᠢᠶᠠᠩ⑨ ᠰᠣᠭᠲᠣᠭᠤ ᠪᠠᠰᠠ ᠴᠤ᠌ ᠪᠣᠢ
ᠰᠠᠷᠬᠤᠳ ᠨᠠᠩᠴᠢᠳ ᠤ᠋ᠨ ᠤᠴᠢᠷ ᠶᠠᠪᠤᠳᠠᠯ ᠢ᠋
ᠰᠢᠯᠦᠭᠯᠡᠵᠦ ᠬᠡᠯᠡᠭᠡᠳ ᠭᠦᠢᠴᠡᠨ᠎ᠡ ᠤᠤ ᠳᠠ
ᠰᠣᠭᠲᠣᠭᠤ ᠬᠥᠯᠴᠥᠭᠦᠦ ᠶ᠋ᠢᠨ ᠱᠣᠭ ᠵᠦᠢᠯ ᠢ᠋
ᠬᠣᠯᠪᠣᠵᠤ ᠶᠠᠷᠢᠭᠠᠳ ᠪᠠᠷᠠᠨ᠎ᠠ ᠤᠤ ᠳᠠ
ᠬᠦᠰᠡᠯᠲᠡᠢ ᠵᠦᠢᠯ ᠢ᠋ ᠪᠣᠳᠣᠭᠠᠳ ᠦᠵᠡᠪᠡᠯ
ᠬᠥᠮᠦᠨ ᠪᠦᠬᠦᠨ ᠬᠦᠷᠲᠡᠵᠦ ᠪᠣᠯᠤᠮᠠᠷ
ᠬᠥᠨᠥᠭᠡᠯ ᠲᠡᠢ ᠵᠦᠢᠯ ᠢ᠋ ᠨᠢ ᠪᠣᠳᠣᠭᠠᠳ ᠦᠵᠡᠪᠡᠯ
ᠬᠡᠦᠬᠡᠳ ᠨᠢᠯᠬ᠎ᠠ ᠨᠤᠭᠤᠳ ᠵᠢᠭᠰᠢᠮᠡᠷ
ᠳᠠᠷᠠᠰᠤ ᠯᠠ ᠤᠤᠭᠤᠳᠠᠭ ᠤᠯᠤᠰ ᠤ᠋ᠳ ᠢ᠋
ᠳᠣᠭᠣᠭᠢᠯᠠᠵᠤ ᠬᠡᠯᠡᠵᠦ ᠪᠠᠢᠭ᠎ᠠ ᠪᠢᠰᠢ ᠰᠢᠦ
ᠳᠠᠩᠴᠤ ᠠᠯᠳᠠᠰᠢ ᠨᠢ ᠶᠡᠬᠡ ᠲᠤᠯᠠ
ᠳᠠᠪᠰᠢᠵᠤ ᠭᠤᠶᠤᠵᠤ ᠠᠢᠯᠠᠳᠬᠠᠵᠤ ᠪᠠᠢᠨ᠎ᠠ
ᠠᠷᠢᠬᠢ ᠪᠠᠨ ᠤᠤᠭᠤᠳᠠᠭ ᠬᠥᠮᠦᠰ ᠦ᠋ᠳ ᠢ᠋
ᠠᠶᠤᠯᠭᠠᠵᠤ ᠬᠡᠯᠡᠵᠦ ᠪᠠᠢᠭ᠎ᠠ ᠪᠢᠰᠢ ᠰᠢᠦ
ᠠᠯᠳᠠᠰᠢ ᠡᠨᠳᠡᠭᠳᠡᠯ ᠨᠢ ᠠᠷᠪᠢᠨ ᠲᠤᠯᠠ
ᠠᠢᠯᠠᠳᠬᠠᠵᠤ ᠰᠠᠨᠠᠭᠤᠯᠤᠭᠠᠳ ᠭᠤᠶᠤᠵᠤ ᠪᠠᠢᠨ᠎ᠠ ᠬᠦᠢ
ᠲᠠᠢᠯᠪᠤᠷᠢ᠄ ① ᠵᠦᠩ ᠴᠧᠩ— ᠦᠨᠡᠨᠴᠢ
② ᠵᠥᠩᠴᠢ— ᠵᠦᠩ ᠪᠢᠯᠢᠭᠲᠡᠨ᠂ ᠢᠷᠡᠭᠡᠳᠦᠢ ᠶ᠋ᠢ ᠲᠥᠰᠥᠪᠯᠡᠭᠴᠢ
③ ᠪᠠ ᠸᠠᠩ — ᠨᠡᠷ᠎ᠡ ᠰᠢᠶᠠᠩ ᠢᠦᠢ᠂ ᠪᠠᠷᠠᠭᠤᠨ ᠴᠤ᠌ ᠤᠯᠤᠰ ᠤ᠋ᠨ ᠬᠥᠮᠦᠨ᠂ ᠢᠳᠡ ᠬᠦᠴᠦ ᠶᠡᠬᠡᠲᠡᠢ ᠪᠠᠭᠠᠲᠤᠷ
④ ᠬᠠᠨ ᠰᠢᠨ— ᠪᠠᠷᠠᠭᠤᠨ ᠬᠠᠨ ᠤᠯᠤᠰ ᠢ᠋ ᠪᠠᠢᠭᠤᠯᠤᠭᠰᠠᠨ ᠭᠠᠪᠢᠶᠠᠲᠤ ᠰᠠᠢᠳ᠂ ᠴᠡᠷᠢᠭ ᠦ᠋ᠨ ᠡᠷᠳᠡᠮᠲᠡᠨ᠃
⑤ ᠳᠠᠩᠭᠦᠢ— ᠬᠣᠷᠭᠣ
⑥ᠮᠤᠵᠢᠶᠠᠩ — ᠮᠣᠳᠣᠨ ᠳᠠᠷᠬᠠᠨ
⑦ ᠶᠤᠤᠵᠢᠶᠠᠩ— ᠸᠠᠭᠠᠷ᠂ ᠱᠠᠭᠠᠵᠠᠩ᠂ ᠲᠣᠭᠣᠰᠬ᠎ᠠ ᠵᠡᠷᠭᠡ ᠶ᠋ᠢ ᠦᠢᠯᠡᠳᠦᠭᠴᠢ
⑧ᠶᠢᠨᠵᠢᠶᠠᠩ— ᠮᠥᠩᠭᠥᠨ ᠳᠠᠷᠬᠠᠨ
⑨ ᠫᠢᠵᠢᠶᠠᠩ— ᠡᠯᠳᠡᠭᠦᠷᠴᠢᠨ᠂ ᠠᠷᠠᠰᠤ ᠰᠢᠷᠢ ᠡᠳ᠋ᠰᠢᠭᠦᠯᠵᠦ ᠦᠢᠯᠡᠳᠳᠡᠭ ᠬᠥᠮᠦᠨ
ᠦᠰᠦᠭ ᠠᠮᠢᠯᠠᠭᠤᠯᠤᠭᠴᠢ᠄ ᠠᠯᠲᠠᠨᠴᠡᠴᠡᠭ
ᠦᠰᠦᠭ ᠬᠠᠲᠠᠭᠴᠢ᠄ ᠠᠯᠲᠠᠨᠴᠡᠴᠡᠭ
ᠮᠠᠲ᠋ᠧᠷᠢᠶᠠᠯ ᠴᠤᠭᠯᠠᠭᠤᠯᠵᠤ ᠦᠭᠡᠰ ᠢ᠋ ᠡᠮᠬᠢᠳᠬᠡᠭᠰᠡᠨ᠄ ᠳᠥᠭᠥᠮ ᠬᠠᠲᠠᠮᠠᠯ ᠴᠤᠭᠯᠠᠷᠠᠯ ᠤ᠋ᠨ ᠨᠥᠬᠥᠳ ᠨᠠᠷ
ᠬᠢᠨᠠᠭᠴᠢ᠄ ᠱᠠᠯᠵᠢᠭᠤᠳ ᠳᠡᠭᠵᠢᠷᠡᠬᠦ
ᠪᠢᠴᠢᠯᠭᠡ ᠵᠢᠷᠤᠭ᠄ ᠳᠥᠭᠥᠮ ᠬᠠᠲᠠᠮᠠᠯ ᠴᠤᠭᠯᠠᠷᠠᠯ ᠨᠠᠢᠷᠠᠭᠤᠯᠪᠠ