ᠰᠢᠷ᠎ᠠ ᠬᠠᠢᠴᠢ ᠡᠪᠡᠰᠦШар хайч өвс
ᠰᠢᠷ᠎ᠠ ᠬᠠᠢᠴᠢ ᠡᠪᠡᠰᠦ
ᠲᠤᠰ ᠡᠮ ᠪᠣᠯ ᠴᠠᠬᠢᠯᠳᠠᠭ ᠤ᠋ᠨ ᠢᠵᠠᠭᠤᠷ ᠤ᠋ᠨ ᠤᠷᠭᠤᠮᠠᠯ ᠪᠣᠯᠬᠤ ᠰᠢᠷ᠎ᠠ ᠬᠠᠢᠴᠢ ᠡᠪᠡᠰᠦ ᠶ᠋ᠢᠨ ᠬᠠᠲᠠᠭᠠᠭᠰᠠᠨ ᠦᠨᠳᠦᠰᠦᠯᠢᠭ ᠡᠰᠢ ᠮᠥᠨ᠃
[ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃50~100cm ᠥᠨᠳᠥᠷ᠂ ᠦᠨᠳᠦᠰᠦᠯᠢᠭ ᠡᠰᠢ ᠨᠢ ᠬᠥᠨᠳᠡᠯᠡᠨ ᠤᠷᠭᠤᠨ᠎ᠠ᠂ ᠵᠢᠭᠠᠬᠠᠨ ᠵᠠᠩᠭᠢᠯᠠᠭᠠᠰᠤ ᠰᠢᠭ᠋ ᠪᠣᠯᠳᠠᠭ᠂ ᠣᠯᠠᠨ ᠰᠠᠬᠠᠯ ᠦᠨᠳᠦᠰᠦ ᠲᠡᠢ᠃ ᠡᠰᠢ ᠨᠢ ᠰᠢᠯᠤᠭᠤᠨ᠂ ᠳᠣᠣᠷ᠎ᠠ ᠠ᠋ᠴᠠ ᠪᠠᠨ ᠨᠠᠪᠴᠢ ᠭᠠᠷᠤᠨ᠎ᠠ᠃ ᠨᠠᠪᠴᠢ ᠨᠢ ᠬᠣᠶᠠᠷ ᠮᠥᠷ᠂ ᠥᠷᠭᠡᠨ ᠰᠡᠯᠡᠮ᠎ᠡ ᠪᠤᠶᠤ ᠪᠦᠰᠡᠯᠢᠭ ᠬᠡᠯᠪᠡᠷᠢ ᠲᠡᠢ᠂25~50cm ᠤᠷᠲᠤ᠂2~4cm ᠥᠷᠭᠡᠨ᠂ ᠱᠣᠪᠬᠣ ᠦᠵᠦᠭᠦᠷ ᠲᠡᠢ᠂ ᠤᠭ ᠢ᠋ᠶ᠋ᠠᠨ ᠪᠠᠭᠯᠠᠨ᠎ᠠ᠃ ᠪᠦᠲᠦᠨ ᠬᠥᠪᠡᠭᠡ ᠲᠡᠢ᠂ ᠨᠣᠭᠣᠭᠠᠨ ᠥᠩᠭᠡ ᠲᠡᠢ᠂ ᠶᠡᠷᠦ ᠳ᠋ᠡᠭᠡᠨ ᠴᠠᠭᠠᠨ ᠣ ᠲᠠᠢ᠃ ᠴᠣᠮᠬᠠᠨ ᠪᠠᠭ ᠴᠡᠴᠡᠭ ᠨᠢ ᠡᠰᠢᠨ ᠦ᠌ ᠣᠷᠣᠢ ᠳ᠋ᠤ᠌ ᠳᠡᠯᠭᠡᠷᠡᠨ᠎ᠡ᠃ ᠴᠡᠴᠡᠭ ᠦ᠋ᠨ ᠶᠡᠷᠦᠩᠬᠡᠢ ᠪᠠᠷᠢᠭᠤᠯ ᠪᠣᠯᠤᠨ ᠵᠢᠵᠢᠭ ᠪᠠᠷᠢᠭᠤᠯ ᠤ᠋ᠨ ᠤᠭ ᠲᠤᠨᠢ ᠬᠠᠯᠢᠰᠤᠯᠢᠭ ᠪᠠᠭᠯᠠᠭᠴᠢ ᠢᠯᠲᠠᠰᠤ ᠲᠠᠢ᠃ ᠴᠡᠴᠡᠭ ᠨᠢ ᠵᠦᠷᠵᠢᠨ ᠰᠢᠷ᠎ᠠ ᠥᠩᠭᠡ ᠲᠡᠢ᠂ ᠳ᠋ᠢᠶᠠᠮᠧᠲ᠋ᠷ ᠨᠢ3~5cm᠂ ᠰᠢᠳᠠᠷ ᠢᠯᠲᠠᠰᠤ ᠨᠢ6 ᠬᠣᠶᠠᠷ ᠮᠥᠷ ᠢ᠋ᠶ᠋ᠡᠷ ᠵᠡᠷᠭᠡᠴᠡᠨ᠎ᠡ᠃ ᠵᠤᠤᠪᠠᠩ ᠬᠡᠯᠪᠡᠷᠢ ᠲᠡᠢ᠂ ᠲᠠᠷᠠᠬᠠᠢ ᠤᠯᠠᠭᠠᠨ ᠲᠣᠯᠪᠣ ᠲᠠᠢ᠂ ᠭᠠᠳᠠᠷ ᠢᠯᠲᠠᠰᠤ ᠠ᠋ᠴᠠ ᠪᠠᠨ ᠪᠣᠭᠣᠨᠢ᠂ ᠤᠭ ᠨᠢ ᠨᠡᠢᠯᠡᠭᠡᠳ ᠣᠬᠣᠷ ᠬᠣᠭᠣᠯᠠᠢ ᠪᠣᠯᠳᠠᠭ᠃3 ᠡᠷ᠎ᠡ ᠲᠣᠭᠣᠷᠴᠣᠭ ᠨᠢ ᠰᠢᠳᠠᠷ ᠤ᠋ᠨ ᠤᠭ ᠠ᠋ᠴᠠ ᠪᠠᠨ ᠤᠷᠭᠤᠨ᠎ᠠ᠃ ᠳᠣᠬᠢᠭᠤᠷ ᠨᠢ ᠤᠯᠠᠭᠠᠨ᠂ ᠤᠮᠠᠢ ᠨᠢ ᠳᠣᠣᠷᠠᠲᠤ ᠣᠷᠣᠨ ᠲᠠᠢ᠂3 ᠲᠠᠰᠤᠭ ᠲᠠᠢ᠂ ᠴᠡᠴᠡᠭ ᠦ᠋ᠨ ᠪᠠᠭᠠᠨ᠎ᠠ ᠨᠢ ᠰᠢᠳᠡᠮᠯᠢᠭ᠂ ᠪᠠᠭᠠᠨ᠎ᠠ ᠶ᠋ᠢᠨ ᠠᠮᠠᠰᠠᠷ ᠨᠢ3 ᠭᠦᠢᠬᠡᠨ ᠣᠨᠢ ᠲᠠᠢ᠂ ᠣᠬᠣᠷ ᠵᠥᠭᠡᠯᠡᠨ ᠦᠰᠦ ᠲᠡᠢ᠃ ᠬᠣᠩᠭᠣᠷᠴᠣᠭᠲᠤ ᠵᠢᠮᠢᠰ ᠨᠢ ᠥᠨᠳᠡᠭᠡᠯᠵᠢᠨ ᠬᠡᠯᠪᠡᠷᠢ ᠲᠡᠢ᠂2.5~3.5cm ᠤᠷᠲᠤ᠂3 ᠭᠤᠯᠳᠤ ᠢᠷᠮᠡᠭ ᠲᠡᠢ᠂ ᠪᠣᠯᠪᠠᠰᠤᠷᠠᠪᠠᠯ ᠣᠶᠣᠳᠠᠯ ᠢ᠋ᠶ᠋ᠠᠨ ᠳᠠᠭᠠᠭᠠᠳ3 ᠬᠡᠯᠲᠡᠰᠯᠡᠨ ᠬᠠᠭᠠᠷᠠᠨ᠎ᠠ᠃ ᠦᠷ᠎ᠡ ᠨᠢ ᠪᠥᠮᠪᠦᠭᠡᠨ ᠬᠡᠯᠪᠡᠷᠢ ᠲᠡᠢ᠂ ᠬᠠᠷ᠎ᠠ᠂ ᠭᠢᠯᠦᠭᠡᠷ᠃7~9 ᠳ᠋ᠦ᠍ᠭᠡᠷ ᠰᠠᠷ᠎ᠠ ᠳ᠋ᠤ᠌ ᠴᠡᠴᠡᠭᠯᠡᠵᠦ᠂8~9 ᠳ᠋ᠦ᠍ᠭᠡᠷ ᠰᠠᠷ᠎ᠠ ᠳ᠋ᠤ᠌ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠬᠡᠭᠡᠷ᠎ᠡ ᠲᠠᠯ᠎ᠠ᠂ ᠭᠣᠣ ᠰᠤᠪᠠᠭ ᠤ᠋ᠨ ᠬᠥᠪᠡᠭᠡ᠂ ᠵᠡᠪᠡ ᠵᠢᠯᠠᠭ᠎ᠠ᠂ ᠬᠠᠳᠠ ᠴᠢᠯᠠᠭᠤᠨ ᠤ᠋ ᠵᠠᠪᠰᠠᠷ ᠲᠤ᠌ ᠤᠷᠭᠤᠨ᠎ᠠ᠃ ᠱᠠᠨ ᠱᠢ᠂ ᠱᠠᠨᠰᠢ᠂ ᠭᠠᠨᠰᠦ ᠾᠧᠨᠠᠨ᠂ ᠱᠠᠨᠳᠦ᠋ᠩ ᠪᠣᠯᠤᠨ ᠬᠥᠬᠡᠮᠥ᠋ᠷᠡᠨ ᠡᠴᠡ ᠡᠮᠦᠨᠡᠰᠢ ᠣᠷᠣᠨ ᠳ᠋ᠤ᠌ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] 5~9 ᠳ᠋ᠦ᠍ᠭᠡᠷ ᠰᠠᠷ᠎ᠠ ᠶ᠋ᠢᠨ ᠬᠣᠭᠣᠷᠣᠨᠳᠣ ᠮᠠᠯᠲᠠᠨ ᠠᠪᠴᠤ ᠡᠰᠢ ᠨᠠᠪᠴᠢ᠂ ᠰᠢᠪᠠᠷ ᠰᠢᠷᠣᠢ ᠶ᠋ᠢ ᠨᠢ ᠠᠷᠢᠯᠭᠠᠭᠠᠳ ᠨᠠᠷᠠᠨ ᠳ᠋ᠤ᠌ ᠡᠭᠡᠭᠡᠵᠦ ᠬᠠᠭᠠᠰ ᠬᠠᠲᠠᠬᠤ ᠦᠶ᠎ᠡ ᠳ᠋ᠦ᠍ᠨᠢ ᠲᠡᠮᠦᠷ ᠰᠠᠢᠵᠠ ᠳᠡᠭᠡᠷ᠎ᠡ ᠳᠡᠯᠭᠡᠨ᠂ ᠭᠠᠯ ᠢ᠋ᠶ᠋ᠠᠷ ᠦᠰᠦ ᠰᠠᠬᠠᠯ ᠢ᠋ ᠨᠢ ᠴᠡᠪᠡᠷᠰᠢᠲᠡᠯᠡ ᠬᠤᠶ᠋ᠢᠬᠠᠯᠠᠨᠠ᠃
[ ᠠᠮᠲᠠ᠂ ᠴᠢᠨᠠᠷ᠂ ᠡᠷᠳᠡᠮ] ᠠᠮᠲᠠᠯᠢᠭ᠂ ᠡᠬᠡᠭᠦᠨ ᠠᠮᠲᠠ ᠲᠠᠢ; ᠰᠡᠷᠢᠭᠦᠨ ᠴᠢᠨᠠᠷ ᠲᠠᠢ; ᠮᠣᠬᠣᠳᠠᠭ᠂ ᠰᠢᠩᠭᠡᠨ᠂ ᠡᠶᠡᠯᠳᠡᠭ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠪᠠᠳᠭ᠋ᠠᠨ ᠬᠠᠯᠠᠭᠤᠨ ᠢ᠋ ᠠᠷᠢᠯᠭᠠᠬᠤ᠂ ᠪᠥᠭᠡᠯᠵᠢᠬᠦ ᠶ᠋ᠢ ᠵᠣᠭᠰᠣᠭᠠᠬᠤ ᠴᠢᠳᠠᠯ ᠲᠠᠢ᠃ ᠭᠣᠣᠯᠳᠠᠭᠤ ᠳᠤᠷ᠎ᠠ ᠪᠤᠯᠭᠢᠬᠤ᠂ ᠬᠣᠳᠣᠭᠣᠳᠣ ᠡᠪᠡᠷᠰᠢᠶᠡᠯᠡᠬᠦ᠂ ᠪᠠᠳᠭ᠋ᠠᠨ ᠬᠠᠯᠠᠭᠤᠨ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄ 射干
ᠠᠩᠭ᠌ᠯᠢ ᠨᠡᠷ᠎ᠡ᠄Belamcanda chinensis (L.) Redouté
ᠦᠰᠦᠭ ᠠᠮᠢᠯᠠᠭᠤᠯᠤᠭᠴᠢ᠄ ᠠᠯᠲᠠᠨᠴᠡᠴᠡᠭ
ᠬᠢᠨᠠᠭᠴᠢ᠄ ᠲᠤᠶᠠᠭ᠎ᠠ
