ᠫᠣᠷᠣᠷᠣ᠋ ᠨᠢᠭᠡᠳᠦᠭᠡᠷ ᠪᠦᠯᠦᠭ40ᠠᠩᠭᠢ ПоророPororo
ᠪᠢᠴᠢᠬᠠᠨ ᠣᠴᠣᠩ ᠰᠢᠪᠠᠭᠤ ᠫᠣᠷᠣᠷᠣ᠋
ᠡᠬᠢᠯᠡᠯᠲᠡ ᠶ᠋ᠢᠨ ᠳᠠᠭᠤᠤ
ᠬᠥᠶᠢ ᠫᠣᠷᠣᠷᠣ᠋ ᠪᠠᠢᠨ᠎ᠠ
ᠲᠣᠭᠯᠠᠬᠤ ᠮᠠᠨᠢ ᠬᠠᠮᠤᠭ ᠤ᠋ᠨ ᠭᠣᠶᠣ
ᠨᠠᠢᠵᠠ ᠨᠤᠭᠤᠳ ᠠ᠋! ᠴᠤᠭᠯᠠᠭᠠᠷᠠᠢ
ᠴᠡᠩᠭᠡᠯᠳᠦᠵᠦ ᠬᠥᠭᠵᠢᠯᠳᠦᠨ ᠰᠠᠬᠢᠯᠭ᠎ᠠ ᠦᠭᠡᠢ ᠫᠣᠷᠣᠷᠣ᠋
ᠴᠠᠰᠤ ᠲᠠᠢ ᠣᠢ ᠳ᠋ᠤ᠌ ᠣᠷᠣᠭᠰᠠᠨ ᠪᠢᠳᠡ ᠨᠠᠷ
ᠪᠢᠴᠢᠬᠠᠨ ᠣᠴᠣᠩ ᠰᠢᠪᠠᠭᠤ ᠭᠠᠷᠴᠤ ᠢᠷᠡᠯ᠎ᠡ
ᠬᠡᠵᠢᠶᠡᠳᠡ ᠴᠦ᠍ ᠰᠣᠨᠢᠷᠬᠠᠯᠲᠠᠢ
ᠥᠨᠥᠳᠥᠷ ᠪᠠᠰᠠ ᠶᠠᠭᠤ ᠪᠣᠯᠬᠤ ᠪᠣᠯ ᠫᠣᠷᠣᠷᠣ᠋
ᠳᠠᠭᠤᠳᠠᠭᠠᠷᠠᠢ ᠫᠣᠷᠣᠷᠣ᠋ ᠫᠣᠷᠣᠷᠣ᠋ ᠫᠣᠷᠣᠷᠣ᠋
ᠫᠤᠷᠤ ᠫᠤᠷᠤ ᠫᠤᠷᠤ ᠫᠤᠷᠤ ᠫᠣᠷᠣᠷᠣ᠋
ᠲᠣᠭᠯᠠᠬᠤ ᠮᠠᠨᠢ ᠬᠠᠮᠤᠭ ᠤ᠋ᠨ ᠭᠣᠶᠣ
ᠨᠠᠢᠵᠠ ᠨᠤᠭᠤᠳ ᠠ᠋! ᠴᠤᠭᠯᠠᠭᠠᠷᠠᠢ
ᠴᠡᠩᠭᠡᠯᠳᠦᠵᠦ ᠬᠥᠭᠵᠢᠯᠳᠦᠨ ᠫᠤᠷᠤ ᠫᠤᠷᠤ ᠫᠤᠷᠤ ᠫᠤᠷᠤ ᠫᠣᠷᠣᠷᠣ᠋
ᠯᠥᠤᠫᠢ ᠶ᠋ᠢᠨ ᠪᠡᠯᠡᠭ
ᠫᠣᠷᠣᠷᠣ᠋᠄ᠴᠠᠰᠤ ᠮᠥᠰᠥᠨ ᠦ᠌ ᠣᠷᠣᠨ ᠣᠢ ᠶ᠋ᠢᠨ ᠲᠣᠰᠬᠣᠨ ᠳ᠋ᠤ᠌ ᠪᠢᠴᠢᠬᠠᠨ ᠣᠴᠣᠩ ᠰᠢᠪᠠᠭᠤ ᠶᠠᠪᠤᠵᠤ ᠪᠠᠢᠵᠠᠢ ᠁
ᠯᠥᠤᠫᠢ᠄ᠫᠤᠷᠤᠷᠤ᠋ ᠂ᠰᠠᠢᠨ ᠤᠤ ?
ᠫᠣᠷᠣᠷᠣ᠋᠄ᠰᠠᠢᠨ ᠤᠤ ? ᠯᠥᠤᠫᠢ ᠲᠠᠨ ᠤ᠋ ᠬᠢ ᠤᠷᠤᠭᠤ ᠶᠠᠪᠤᠵᠤ ᠪᠠᠢᠯ᠎ᠠ
ᠫᠣᠷᠣᠷᠣ᠋᠄ᠶᠠᠭᠠᠬᠢᠭᠰᠠᠨ ? ᠯᠥᠤᠫᠢ᠄ᠰᠦᠵᠢ ᠲᠡᠢ ᠶᠠᠭᠤᠮ᠎ᠠ ᠪᠢᠰᠢ᠂ᠴᠢ ᠪᠤᠷᠤᠭᠤ ᠬᠠᠷᠠᠵᠤ ᠪᠠᠢ ᠳᠠ᠂ᠪᠣᠯᠴᠢᠬᠠᠯ᠎ᠠ
ᠫᠣᠷᠣᠷᠣ᠋᠄ᠶᠠᠭᠤ᠂ ᠶᠠᠭᠤ ᠬᠢᠭᠰᠡᠨ ᠪᠣᠢ ?
ᠯᠥᠤᠫᠢ᠄ᠠ᠂ ᠶᠠᠭᠤ ᠴᠦ᠍ ᠪᠢᠰᠢ᠂ᠵᠠ᠂ ᠪᠢ ᠲᠦᠷᠦᠭᠦᠯᠡᠭᠡᠳ ᠶᠠᠪᠤᠯ᠎ᠠ
ᠫᠣᠷᠣᠷᠣ᠋᠄ᠯᠥᠤᠫᠢ
ᠯᠥᠤᠫᠢ᠄ᠶᠠᠭᠠᠬᠢᠭᠰᠠᠨ
ᠫᠣᠷᠣᠷᠣ᠋᠄ᠰᠠᠶᠢ ᠶᠠᠭᠤ ᠬᠢᠭᠰᠡᠨ ᠶᠤᠮ ᠪᠣᠢ ?
ᠯᠥᠤᠫᠢ᠄ᠠ᠂ ᠲᠡᠷᠡ ᠤᠤ?ᠮᠠᠷᠭᠠᠰᠢ ᠥᠷᠯᠥᠭᠡ ᠬᠦᠷᠲᠡᠯ᠎ᠡ ᠨᠢᠭᠤᠴᠠ᠂ᠬᠢ ᠬᠢ
ᠫᠣᠷᠣᠷᠣ᠋᠄ᠦ᠂ ᠮᠠᠷᠭᠠᠰᠢ ᠥᠷᠯᠥᠭᠡ ᠬᠦᠷᠲᠡᠯ᠎ᠡ ᠨᠢᠭᠤᠴᠠ ?
ᠯᠥᠤᠫᠢ᠄ᠡᠢᠮᠦ ᠪᠠᠢᠬᠤ ᠳ᠋ᠤ᠌ ᠶᠠᠭ ᠲᠠᠭᠠᠷᠠᠬᠤ ᠪᠠᠢᠬᠤ
— —ᠯᠥᠤᠫᠢ ᠮᠠᠨᠢ ᠬᠦᠵᠦᠭᠦᠨ ᠦ᠌ ᠣᠷᠢᠶᠠᠯᠲᠠ ᠨᠡᠬᠡᠵᠦ ᠪᠠᠢᠨ᠎ᠠ᠂ᠫᠤᠷᠤᠷᠤ᠋ ᠲᠡᠭᠦᠨ ᠢ᠋ ᠨᠢᠭᠤᠴᠠ ᠪᠠᠷ ᠬᠠᠷᠠᠴᠢᠬᠠᠯ᠎ᠠ
ᠫᠣᠷᠣᠷᠣ᠋᠄ᠬᠠ ᠬᠠ᠂ ᠨᠠᠳᠠ ᠳ᠋ᠤ᠌ ᠵᠣᠷᠢᠭᠤᠯᠵᠤ ᠬᠦᠵᠦᠭᠦᠨ ᠦ᠌ ᠣᠷᠢᠶᠠᠯᠲᠠ ᠨᠡᠬᠡᠵᠦ ᠪᠠᠢᠨ᠎ᠠ
ᠫᠤᠪᠢ᠄ᠰᠢᠲᠠᠯᠠ ᠰᠢᠦ
ᠡᠸᠳᠢ᠄ᠰᠠᠢᠨ ᠤᠤ ? ᠫᠤᠷᠤᠷᠤ᠋
ᠫᠣᠷᠣᠷᠣ᠋᠄ᠰᠠᠢᠨ ᠤᠤ ?
ᠫᠤᠪᠢ᠄ᠣᠳᠣ ᠬᠡᠳᠦᠭᠦᠯᠡ ᠪᠡᠨ ᠭᠤᠯᠭᠤᠭᠤᠷ ᠢ᠋ᠶ᠋ᠠᠷ ᠭᠤᠯᠭᠤᠵᠠᠭᠠᠶᠠ
ᠫᠣᠷᠣᠷᠣ᠋᠄ᠬᠢ ᠬᠢ ᠁
ᠡᠸᠳᠢ᠄ᠫᠤᠷᠤᠷᠤ᠋ ᠬᠠᠮᠢᠭ᠎ᠠ ᠣᠴᠢᠬᠤ ᠨᠢ ᠪᠣᠢ?
ᠫᠣᠷᠣᠷᠣ᠋᠄ᠸᠠ ᠁
ᠺᠷᠤᠨ᠄ᠺᠤᠷᠠ
ᠫᠣᠷᠣᠷᠣ᠋᠄ᠠ᠋?
ᠯᠥᠤᠫᠢ᠄ᠫᠤᠷᠤᠷᠤ᠋
ᠫᠣᠷᠣᠷᠣ᠋᠄ᠯᠥᠤᠫᠢ ᠤᠤ ᠂ ᠶᠠᠭᠤ ᠬᠢᠵᠦ ᠶᠠᠪᠤᠭ᠎ᠠ ᠶᠤᠮ ?
ᠯᠥᠤᠫᠢ᠄ᠠ᠋᠂ ᠡᠭᠦᠨ ᠢ᠋ ᠥᠭᠬᠦ ᠭᠡᠰᠡᠨ ᠶᠦᠮ᠂ᠴᠢᠮ᠎ᠠ ᠳ᠋ᠤ᠌ ᠵᠣᠷᠢᠭᠤᠯᠵᠤ ᠨᠡᠬᠡᠭᠰᠡᠨ
ᠫᠣᠷᠣᠷᠣ᠋᠄ᠭᠣᠶᠣ ᠶᠤᠮ ᠠ᠋᠂ ᠦᠨᠡᠬᠡᠷ ᠳᠤᠯᠠᠭᠠᠬᠠᠨ ᠪᠠᠢᠨ᠎ᠠ᠂ᠪᠠᠶᠠᠷᠯᠠᠯ᠎ᠠ ᠯᠥᠤᠫᠢ
ᠺᠷᠤᠨ᠄ᠺᠤᠷᠠ᠁ ᠺᠤᠷᠠ
ᠯᠥᠤᠫᠢ᠄ᠶᠠᠭᠠᠬᠢᠭᠰᠠᠨ ᠫᠤᠷᠤᠷᠤ᠋
ᠫᠣᠷᠣᠷᠣ᠋᠄ᠠ᠋ ᠁
ᠫᠣᠷᠣᠷᠣ᠋᠄ᠣᠤ᠂ ᠨᠡᠭᠡᠷᠡᠨ
— —ᠥᠷᠯᠥᠭᠡ ᠡᠷᠲᠡ ᠫᠤᠷᠤᠷᠤ᠋ ᠮᠠᠨᠢ ᠶᠠᠭᠠᠬᠢᠭᠰᠠᠨ ᠶᠡᠬᠡ ᠶᠠᠭᠠᠷᠠᠵᠤ ᠪᠠᠢᠬᠤ ᠶᠤᠮ ?
ᠫᠣᠷᠣᠷᠣ᠋᠄ᠰᠠᠢᠬᠠᠨ ᠦᠨᠦᠷᠲᠦᠵᠦ ᠪᠠᠢᠨ᠎ᠠ᠃ᠭᠡᠬᠦ ᠳ᠋ᠡᠭᠡᠨ ᠡᠸᠳᠢ ᠶᠠᠭᠠᠬᠢᠬᠤ ᠭᠡᠵᠦ ᠁
ᠡᠸᠳᠢ᠄ᠫᠤᠷᠤᠷᠤ᠋᠂ ᠴᠢ ᠶᠠᠭᠤ ᠬᠢᠵᠦ ᠪᠠᠢᠭ᠎ᠠ ᠶᠤᠮ ᠪᠣᠢ ?
ᠫᠣᠷᠣᠷᠣ᠋᠄ᠬᠠᠷᠢᠨ ᠴᠢ ᠥᠪᠡᠷ ᠢ᠋ᠶ᠋ᠡᠨ
ᠡᠸᠳᠢ᠄ᠨᠠᠭᠠᠳᠤᠬᠢ ᠴᠢᠨᠢ ᠶᠠᠭᠤᠨ ᠤ᠋ ᠴᠡᠴᠡᠭ ᠶᠦᠮ ᠪᠣᠢ ?
ᠫᠣᠷᠣᠷᠣ᠋᠄ᠦ᠂ ᠦ ᠶᠠᠭᠤ ᠴᠦ᠍ ᠪᠢᠰᠢ ᠠ᠋᠂ᠴᠢ ᠴᠢᠨᠢ ᠬᠠᠷᠢᠨ ᠶᠠᠭᠠᠬᠢᠭᠠᠳ ᠵᠠᠩᠭᠢᠶ᠎ᠠ ᠵᠡᠭᠦᠴᠢᠬᠡᠭᠰᠡᠨ ᠶᠦᠮ ᠪᠣᠢ ?
ᠡᠸᠳᠢ᠄ᠠ᠂ ᠶᠠᠭᠤ ᠴᠦ᠍ ᠪᠢᠰᠢ ᠠ᠋ ᠫᠣᠷᠣᠷᠣ᠋᠄ᠬᠡᠨ ᠨᠢᠭᠡᠨ ᠢᠷᠡᠵᠦ ᠪᠠᠢᠭ᠎ᠠ ᠰᠢᠭ᠋ ᠪᠠᠢᠨ᠎ᠠ
ᠯᠥᠤᠫᠢ᠄ᠲᠠᠪᠠᠲᠠᠢ ᠮᠣᠷᠢᠯᠠ ᠫᠤᠪᠢ᠂ᠭᠠᠳᠠᠭ᠎ᠠ ᠶᠠᠭᠤ ᠬᠢᠵᠦ ᠪᠠᠢᠭ᠎ᠠ ᠶᠤᠮ ᠪᠣᠢ ?ᠪᠠᠰᠠ ᠫᠤᠷᠤᠷᠤ᠋ ᠡᠸᠳᠢ ᠲᠠ ᠬᠣᠶᠠᠷ ᠴᠦ᠍ ᠭᠡᠰᠡᠨ ᠨᠢᠭᠤᠭᠳᠠᠭᠠᠳ ᠪᠠᠢᠯᠭᠦᠢ ᠣᠷᠣᠭᠠᠳ ᠢᠷ᠎ᠡ
ᠡᠸᠳᠢ᠄ᠪᠢᠳᠡ ᠬᠣᠶᠠᠷ ᠢ᠋ ᠶᠠᠭᠠᠬᠢᠵᠤ ᠡᠨᠳᠡ ᠪᠠᠢᠭ᠎ᠠ ᠶ᠋ᠢ ᠮᠡᠳᠡᠴᠢᠬᠡᠪᠡ ?
ᠯᠥᠤᠫᠢ᠄ᠲᠡᠢᠮᠦ ᠴᠢᠩᠭ᠎ᠠ ᠶᠠᠷᠢᠵᠤ ᠪᠠᠢᠬᠤ ᠳ᠋ᠤ᠌ ᠶᠠᠭᠠᠬᠢᠵᠤ ᠮᠡᠳᠡᠬᠦ ᠦᠭᠡᠢ ᠪᠠᠢᠬᠤ ᠪᠣᠢ᠂ᠬᠢ ᠬᠢ ᠁ᠲᠠ ᠨᠠᠷ ᠴᠢᠨᠢ ᠥᠷᠯᠥᠭᠡ ᠡᠷᠲᠡ ᠶᠠᠭᠤ ᠬᠢᠵᠦ ᠪᠠᠢᠭ᠎ᠠ ᠶᠤᠮ ᠪᠣᠢ ?
ᠣᠯᠠᠨ᠄ᠠ ᠁ ᠵᠦᠭᠡᠷ ᠯᠡ᠂ ᠬᠡ ᠬᠡ ᠁
ᠯᠥᠤᠫᠢ᠄ᠶᠠᠮᠠᠷᠲᠠᠢ ᠴᠦ᠍ ᠰᠠᠢᠨ ᠪᠠᠢᠨ᠎ᠠ᠂ᠲᠠ ᠨᠠᠷ ᠲᠤ᠌ ᠥᠭᠬᠦ ᠭᠡᠳ ᠣᠷᠢᠶᠠᠯᠲᠠ ᠨᠡᠬᠡᠭᠰᠡᠨ ᠪᠠᠢᠭᠰᠠᠨ ᠶᠤᠮ᠃ᠫᠤᠪᠢ ᠡᠨᠡ ᠴᠢᠨᠦᠬᠢ᠂ᠡᠨᠡ ᠡᠸᠳᠢ ᠶ᠋ᠢᠨ ᠬᠢ᠂ᠡᠨᠡ ᠫᠤᠷᠤᠷᠤ᠋ ᠴᠢᠨᠦᠬᠢ
— —ᠫᠤᠷᠤᠷᠤ᠋ ᠵᠥᠪᠬᠡᠨ ᠥᠪᠡᠷ ᠲᠦ᠍ ᠨᠢ ᠣᠷᠢᠶᠠᠯᠲᠠ ᠨᠡᠬᠡᠭᠰᠡᠨ ᠭᠡᠵᠦ ᠪᠣᠳᠣᠭᠰᠠᠨ ᠪᠠᠢᠵᠠᠢ
ᠯᠥᠤᠫᠢ᠄ᠺᠷᠤᠨ ᠢᠷᠡᠭᠡ ᠦᠭᠡᠢ ᠶᠦᠮ ᠤᠤ ?
ᠺᠷᠤᠨ᠄ᠺᠤᠷᠠ ᠁
ᠯᠥᠤᠫᠢ᠄ᠦ᠂ ᠢᠷᠡᠴᠢᠬᠡᠵᠡᠢ᠂ᠺᠷᠤᠨ ᠲᠠᠪᠠᠲᠠᠢ ᠮᠣᠷᠢᠯᠠ ᠂ᠴᠢᠮ᠎ᠠ ᠳ᠋ᠤ᠌ ᠴᠦ᠍ ᠭᠡᠰᠡᠨ ᠣᠷᠢᠶᠠᠯᠲᠠ ᠨᠡᠬᠡᠭᠰᠡᠨ
ᠺᠷᠤᠨ᠄ᠸᠠ ᠺᠤᠷᠠ
ᠯᠥᠤᠫᠢ᠄ᠡᠩ ᠬᠢ᠂ ᠪᠠᠶᠠᠷᠯᠠᠯ᠎ᠠ ᠺᠷᠤᠨ
ᠺᠷᠤᠨ᠄ᠠ ᠁
ᠣᠯᠠᠨ᠄ᠬᠢ ᠬᠢ ᠁ᠬᠡ ᠬᠡ ᠁
ᠫᠤᠪᠢ᠄ᠰᠠᠢᠨ ᠤᠤ ?
— —ᠺᠷᠤᠨ ᠴᠦ᠍ ᠭᠡᠰᠡᠨ ᠵᠥᠪᠬᠡᠨ ᠥᠪᠡᠷ ᠲᠦ᠍ ᠨᠢ ᠣᠷᠢᠶᠠᠯᠲᠠ ᠨᠡᠬᠡᠵᠦ ᠥᠭᠭᠦᠭᠰᠡᠨ ᠭᠡᠳ ᠪᠤᠳᠤᠴᠢᠬᠠᠵᠠᠢ
ᠣᠯᠠᠨ᠄ᠬᠡ ᠬᠡ ᠁ ᠬᠢ ᠬᠢ
— —ᠶᠠᠮᠠᠷ ᠲᠠᠢ ᠴᠤ᠌ ᠯᠥᠤᠫᠢ ᠶ᠋ᠢᠨ ᠪᠡᠯᠡᠭ ᠪᠦᠬᠦ ᠨᠠᠢᠵᠠ ᠨᠤᠭᠤᠳ ᠲᠤ᠌ ᠨᠢ ᠲᠠᠭᠠᠯᠠᠭᠳᠠᠵᠠᠢ᠃
ᠲᠡᠭᠦᠰᠬᠡᠯ ᠦ᠋ᠨ ᠳᠠᠭᠤᠤ
ᠯᠠ ᠯᠡ᠁ ᠯᠡ᠁ ᠺᠣᠷᠠ
ᠯᠠ ᠯᠡ᠁ ᠯᠡ᠁ ᠺᠣᠷᠠ
ᠯᠠ ᠯᠡ᠁ ᠯᠡ ᠯᠡ᠁ ᠯᠡ ᠺᠣᠷᠠ
ᠮᠥᠰᠥᠨ ᠦ᠌ ᠴᠠᠭᠠᠨ ᠪᠠᠭᠠᠪᠠᠭᠠᠢ ᠫᠤᠪᠢ
ᠵᠣᠬᠢᠶᠠᠨ ᠪᠦᠲᠦᠭᠡᠭᠴᠢ ᠦᠨᠡᠭᠡᠨ ᠦ᠌ ᠵᠤᠯᠵᠠᠭ᠎ᠠ ᠡᠳ᠋ᠳᠢ
ᠰᠠᠢᠬᠠᠨ ᠰᠡᠳᠬᠢᠯᠳᠦ ᠮᠢᠨᠵᠢ ᠥᠬᠢᠨ ᠯᠥᠤᠫᠢ
ᠳ᠋ᠢᠨᠰᠠᠪᠤᠤᠷ ᠤ᠋ᠨ ᠵᠤᠯᠵᠠᠭ᠎ᠠ ᠺᠷᠤᠨ
ᠰᠠᠬᠢᠯᠭ᠎ᠠ ᠦᠭᠡᠢ ᠪᠠᠨᠳᠢ ᠫᠣᠷᠣᠷᠣ᠋
ᠪᠢᠳᠡ ᠪᠣᠯ ᠰᠠᠢᠨ ᠨᠠᠢᠵᠠ ᠨᠤᠭᠤᠳ
ᠵᠠᠷᠢᠮ ᠳ᠋ᠤ᠌ ᠪᠠᠨ ᠮᠠᠭᠤᠳᠠᠯᠴᠠᠪᠠᠴᠤ ᠶᠡᠷᠦ ᠳ᠋ᠤ᠌ ᠠᠨ
ᠦᠷᠭᠦᠯᠵᠢ ᠪᠡᠶ᠎ᠡ ᠪᠡᠶ᠎ᠡ ᠪᠡᠨ ᠲᠤᠰᠠᠯᠠᠵᠤ
ᠦᠷᠭᠦᠯᠵᠢ ᠪᠡᠶ᠎ᠡ ᠪᠡᠶ᠎ᠡ ᠪᠡᠨ ᠤᠶ᠋ᠢᠯᠠᠭᠠᠳᠠᠭ
ᠪᠢᠳᠡ ᠰᠠᠢᠨ ᠨᠠᠢᠵᠠ ᠨᠤᠭᠤᠳ ᠪᠢᠯᠡ
ᠯᠡ ᠯᠡ ᠁ ᠯᠡ ᠺᠣᠷᠠ ᠺᠣᠷᠠ
ᠦᠰᠦᠭ ᠠᠮᠢᠯᠠᠭᠤᠯᠤᠨ ᠬᠠᠲᠠᠭᠰᠠᠨ ᠨᠢ᠄ ᠪᠠᠶᠠᠨᠲᠠᠨ᠎ᠠ
ᠬᠢᠨᠠᠭᠰᠠᠨ ᠨᠢ᠄ ᠪ· ᠯᠠᠪᠳᠠᠭᠤᠨ᠂ ᠮᠥᠴᠢᠷ