ᠰᠢᠷ᠎ᠠ ᠡᠮШар эм
ᠰᠢᠷ᠎ᠠ ᠡᠮ
ᠲᠤᠰ ᠡᠮ ᠪᠣᠯ ᠰᠢᠷ᠎ᠠ ᠡᠮ ᠦ᠋ᠨ ᠢᠵᠠᠭᠤᠷ ᠤ᠋ᠨ ᠤᠷᠭᠤᠮᠠᠯ ᠪᠣᠯᠬᠤ ᠰᠢᠷ᠎ᠠ ᠡᠮ ᠪᠤᠶᠤ ᠤᠨᠵᠢᠭᠢᠷ ᠰᠢᠷ᠎ᠠ ᠡᠮ ᠦ᠋ᠨ ᠬᠠᠲᠠᠭᠠᠭᠰᠠᠨ ᠦᠨᠳᠦᠰᠦ ᠮᠥᠨ᠃ ᠲᠠᠩᠫᠤᠷᠤᠮ ᠢ᠋ᠶ᠋ᠠᠷ ᠬᠡᠷᠡᠭᠯᠡᠵᠦ ᠪᠣᠢ᠃
[ ᠤᠷᠭᠤᠮᠠᠯ] 1. ᠰᠢᠷ᠎ᠠ ᠡᠮ ᠣᠯᠠᠨ ᠨᠠᠰᠤᠲᠤ ᠡᠪᠡᠰᠦᠯᠢᠭ ᠤᠷᠭᠤᠮᠠᠯ᠂ ᠦᠰᠦ ᠦᠭᠡᠢ᠃ ᠦᠨᠳᠦᠰᠦ ᠨᠢ ᠮᠢᠬᠠᠯᠢᠭ ᠲᠣᠮᠣ᠂ ᠱᠣᠷᠣᠯᠵᠢᠨ ᠬᠡᠯᠪᠡᠷᠢ ᠲᠡᠢ᠃ ᠡᠰᠢ ᠨᠢ ᠰᠢᠯᠤᠭᠤᠨ᠂ ᠪᠥᠭᠡᠷᠡᠩᠬᠡᠢ ᠪᠠᠭᠠᠨ᠎ᠠ ᠬᠡᠯᠪᠡᠷᠢ ᠲᠡᠢ᠂ ᠭᠤᠯᠳᠤ ᠬᠣᠪᠢᠯ ᠲᠠᠢ᠂0.8~1m ᠥᠨᠳᠥᠷ᠂ ᠨᠣᠭᠣᠭᠠᠨ ᠪᠤᠶᠤ ᠪᠣᠷᠣᠪᠲᠤᠷ ᠤᠯᠠᠭᠠᠨ ᠲᠤᠶᠠᠭ᠎ᠠ ᠲᠠᠢ᠃ ᠨᠠᠪᠴᠢ ᠨᠢ ᠴᠤᠪᠤᠷᠠᠨ ᠤᠷᠭᠤᠨ᠎ᠠ᠂ ᠴᠠᠭᠠᠰᠤᠯᠢᠭ᠂ ᠪᠠᠷᠢᠭᠤᠯ ᠨᠢ1.5~3m ᠤᠷᠲᠤ᠃ ᠨᠠᠪᠴᠢ ᠨᠢ ᠵᠤᠤᠪᠠᠩ ᠠ᠋ᠴᠠ ᠤᠷᠲᠤᠯᠵᠢᠨ ᠵᠤᠤᠪᠠᠩ ᠬᠡᠯᠪᠡᠷᠢ ᠲᠡᠢ᠂10~30cm ᠤᠷᠲᠤ᠂5~15cm ᠥᠷᠭᠡᠨ᠂ ᠣᠷᠣᠢ ᠨᠢ ᠬᠤᠷᠴᠠ ᠱᠣᠪᠬᠣ ᠪᠤᠶᠤ ᠱᠣᠪᠲᠣᠭᠣᠷ ᠂ ᠱᠠᠭᠠᠳᠠᠭ ᠤᠭ ᠲᠠᠢ᠂ ᠪᠦᠲᠦᠨ ᠬᠥᠪᠡᠭᠡ ᠲᠡᠢ᠃ ᠴᠠᠴᠤᠭ ᠬᠡᠯᠪᠡᠷᠢᠲᠦ ᠪᠠᠭ ᠴᠡᠴᠡᠭ ᠨᠢ ᠡᠰᠢᠨ ᠦ᠌ ᠣᠷᠣᠢ ᠳ᠋ᠤ᠌ ᠳᠡᠯᠭᠡᠷᠡᠬᠦ ᠪᠤᠶᠤ ᠨᠠᠪᠴᠢ ᠲᠠᠢ ᠪᠠᠨ ᠴᠢᠭᠲᠠᠯᠠᠨ ᠤᠷᠭᠤᠨ᠎ᠠ᠂ ᠰᠢᠯᠤᠭᠤᠨ᠂15cm ᠤᠷᠲᠤ᠃ ᠪᠠᠭᠯᠠᠭᠴᠢ ᠢᠯᠲᠠᠰᠤ ᠨᠢ ᠤᠲᠠᠰᠤᠯᠢᠭ ᠪᠥᠭᠡᠳ ᠬᠠᠯᠢᠰᠤᠯᠢᠭ᠃ ᠴᠡᠴᠡᠭ ᠨᠢ ᠬᠣᠣᠰ ᠪᠡᠯᠭᠡ ᠲᠡᠢ᠂ ᠴᠡᠴᠡᠭ ᠦ᠋ᠨ ᠰᠢᠳᠠᠷ ᠨᠢ5᠂ ᠴᠠᠭᠠᠨ ᠰᠢᠷᠠᠩᠭᠤᠢ ᠨᠣᠭᠣᠭᠠᠨ ᠪᠤᠶᠤ ᠶᠠᠭᠠᠪᠲᠤᠷ᠂ ᠵᠤᠤᠪᠠᠩ ᠠ᠋ᠴᠠ ᠤᠷᠲᠤᠯᠵᠢᠨ ᠲᠣᠭᠣᠷᠢᠭ ᠬᠡᠯᠪᠡᠷᠢ ᠲᠡᠢ᠂3~4mm ᠤᠷᠲᠤ᠃8~10 ᠡᠷ᠎ᠡ ᠲᠣᠭᠣᠷᠴᠣᠭ ᠲᠠᠢ᠂10 ᠠ᠋ᠴᠠ ᠳᠡᠭᠡᠭᠰᠢ ᠨᠢ ᠴᠥᠭᠡᠨ᠃5~10 ᠤᠮᠠᠢ ᠶ᠋ᠢᠨ ᠬᠠᠯᠢᠰᠤ ᠲᠠᠢ ᠪᠥᠭᠡᠳ ᠰᠠᠯᠤᠩᠭᠢ ᠪᠣᠯᠪᠠᠴᠤ ᠨᠢᠭᠲᠠ ᠨᠠᠭᠠᠯᠳᠤᠵᠤ ᠪᠠᠢᠳᠠᠭ᠃ ᠴᠡᠴᠡᠭ ᠦ᠋ᠨ ᠪᠠᠭᠠᠨ᠎ᠠ ᠨᠢ ᠣᠬᠣᠷ᠂ ᠣᠷᠣᠢ ᠨᠢ ᠳᠣᠷᠣᠭᠰᠢ ᠮᠤᠷᠤᠢ᠃ ᠰᠢᠭᠦᠰᠦᠯᠢᠭ ᠵᠢᠮᠢᠰ ᠨᠢ ᠬᠠᠪᠲᠠᠭᠠᠢ ᠪᠥᠮᠪᠥᠭᠡᠯᠢᠭ ᠬᠡᠯᠪᠡᠷᠢ ᠲᠡᠢ᠂5~10 ᠵᠢᠵᠢᠭ ᠵᠢᠮᠢᠰ ᠢ᠋ᠶ᠋ᠡᠷ ᠪᠦᠷᠢᠯᠳᠦᠳᠡᠭ᠃ ᠳ᠋ᠢᠶᠠᠮᠧᠲᠷ ᠨᠢ7~8mm᠂ ᠪᠣᠯᠪᠠᠰᠤᠷᠠᠪᠠᠯ ᠪᠣᠷᠣᠪᠲᠤᠷ ᠬᠠᠷ᠎ᠠ ᠪᠣᠯᠳᠠᠭ᠃ ᠦᠷ᠎ᠡ ᠨᠢ ᠪᠥᠭᠡᠷᠡᠨ ᠬᠡᠯᠪᠡᠷᠢ ᠲᠡᠢ᠂ ᠬᠠᠷ᠎ᠠ ᠬᠦᠷᠡᠩ᠃4~7 ᠳ᠋ᠤᠭᠠᠷ ᠰᠠᠷ᠎ᠠ ᠳ᠋ᠤ᠌ ᠴᠡᠴᠡᠭᠯᠡᠵᠦ᠂7~10 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
2. ᠤᠨᠵᠢᠭᠢᠷ ᠰᠢᠷ᠎ᠠ ᠡᠮ ᠰᠢᠷ᠎ᠠ ᠡᠮ ᠲᠡᠢ ᠲᠥᠰᠦᠭᠡᠲᠡᠢ᠂ ᠭᠡᠪᠡᠴᠦ ᠡᠰᠢ ᠨᠢ ᠰᠢᠯᠤᠭᠤᠨ᠂ ᠪᠣᠷᠣᠪᠲᠤᠷ ᠤᠯᠠᠭᠠᠨ ᠲᠤᠶᠠᠭ᠎ᠠ ᠲᠠᠢ᠂ ᠡᠰᠢᠨ ᠳᠡᠭᠡᠷᠡᠬᠢ ᠢᠷᠮᠡᠭ ᠨᠢ ᠨᠡᠯᠢᠶᠡᠳ ᠢᠯᠡᠬᠡᠨ᠃ ᠨᠠᠪᠴᠢ ᠨᠢ ᠵᠤᠤᠪᠠᠩᠯᠢᠭ ᠥᠨᠳᠡᠭᠡᠯᠵᠢᠨ ᠪᠤᠶᠤ ᠬᠠᠪᠲᠠᠭᠠᠢ ᠲᠡᠪᠡᠨᠡ ᠬᠡᠯᠪᠡᠷᠢ ᠲᠡᠢ᠃10~20mm ᠤᠷᠲᠤ᠂5~10cm ᠥᠷᠭᠡᠨ᠂ ᠣᠬᠣᠷ ᠱᠣᠪᠬᠣ ᠣᠷᠣᠢ ᠲᠠᠢ᠂ ᠱᠠᠭᠠᠳᠠᠭ ᠤᠭ ᠲᠠᠢ᠂ ᠪᠦᠲᠦᠨ ᠬᠥᠪᠡᠭᠡ ᠲᠡᠢ᠃ ᠴᠠᠴᠤᠭ ᠬᠡᠯᠪᠡᠷᠢᠲᠦ ᠪᠠᠭ ᠴᠡᠴᠡᠭ ᠨᠢ ᠤᠨᠵᠢᠭᠢᠷ᠂ ᠣᠷᠣᠢ ᠳ᠋ᠤᠨᠢ ᠪᠤᠶᠤ ᠬᠠᠵᠠᠭᠤ ᠠ᠋ᠴᠠ ᠨᠢ ᠳᠡᠯᠭᠡᠷᠡᠨ᠎ᠡ᠃ ᠡᠷ᠎ᠡ ᠲᠣᠭᠣᠷᠴᠣᠭ ᠪᠠ ᠤᠮᠠᠢ ᠶ᠋ᠢᠨ ᠬᠠᠯᠢᠰᠤ ᠨᠢ10᠃ ᠰᠢᠭᠦᠰᠦᠯᠢᠭ ᠵᠢᠮᠢᠰ ᠨᠢ ᠬᠠᠪᠲᠠᠭᠠᠢ ᠪᠥᠮᠪᠥᠭᠡᠯᠵᠢᠨ ᠬᠡᠯᠪᠡᠷᠢ ᠲᠡᠢ᠂ ᠪᠣᠯᠪᠠᠰᠤᠷᠠᠪᠠᠯ ᠬᠠᠷᠠᠪᠲᠤᠷ ᠪᠣᠷᠣ ᠪᠣᠯᠳᠠᠭ᠃7~8 ᠳ᠋ᠤᠭᠠᠷ ᠰᠠᠷ᠎ᠠ ᠳ᠋ᠤ᠌ ᠴᠡᠴᠡᠭᠯᠡᠵᠦ᠂8~10 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠰᠢᠷ᠎ᠠ ᠡᠮ ᠠᠭᠤᠯᠠᠨ ᠭᠣᠣ ᠶ᠋ᠢᠨ ᠬᠥᠪᠡᠭᠡ ᠪᠤᠶᠤ ᠣᠢ ᠶ᠋ᠢᠨ ᠳᠣᠲᠣᠷ᠎ᠠ᠂ ᠣᠢ ᠶ᠋ᠢᠨ ᠬᠥᠪᠡᠭᠡ ᠶ᠋ᠢᠨ ᠴᠢᠭᠢᠭᠯᠢᠭ ᠬᠥᠷᠥᠰᠥᠨ ᠳ᠋ᠦ᠍ ᠤᠷᠭᠤᠨ᠎ᠠ᠃ ᠣᠳᠣ ᠠᠷᠠᠴᠢᠯᠠᠨ ᠲᠠᠷᠢᠵᠤ ᠪᠠᠢᠬᠤ ᠪᠤᠶᠤ ᠬᠠᠭᠠᠰ ᠵᠡᠷᠯᠢᠭ ᠤᠷᠭᠤᠵᠤ ᠪᠠᠢᠳᠠᠭ᠃ ᠪᠦᠬᠦ ᠤᠯᠤᠰ ᠤ᠋ᠨ ᠣᠯᠠᠩᠬᠢ ᠭᠠᠵᠠᠷ ᠲᠤ ᠲᠠᠷᠬᠠᠴᠠ ᠲᠠᠢ᠃ ᠤᠨᠵᠢᠭᠢᠷ ᠰᠢᠷ᠎ᠠ ᠡᠮ ᠪᠣᠯ ᠲᠠᠷᠢᠮᠠᠯ ᠵᠦᠢᠯ ᠪᠣᠯᠬᠤ ᠪᠣᠯᠪᠠᠴᠤ ᠬᠡᠭᠡᠷ᠎ᠡ ᠪᠠᠰᠠ ᠤᠷᠭᠤᠳᠠᠭ᠃ ᠪᠡᠭᠡᠵᠢᠩ᠂ ᠱᠠᠨᠳᠦ᠋ᠩ᠂ ᠵᠢᠶᠠᠩᠰᠦ᠂ ᠵᠧᠵᠢᠶᠠᠩ᠂ ᠬᠤᠪᠧᠢ᠂ ᠭᠤᠸᠠᠩᠰᠢ᠂ ᠶᠦᠨᠨᠠᠨ ᠳ᠋ᠤ᠌ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠨᠠᠮᠤᠷ ᠠ᠋ᠴᠠ ᠳᠠᠷᠠᠭ᠎ᠠ ᠬᠠᠪᠤᠷ ᠪᠣᠯᠲᠠᠯᠠᠬᠢ ᠬᠤᠭᠤᠴᠠᠭᠠᠨ ᠳ᠋ᠤ᠌ ᠮᠠᠯᠲᠠᠨ ᠠᠪᠴᠤ᠂ ᠰᠠᠬᠠᠯ ᠦᠨᠳᠦᠰᠦ ᠪᠣᠯᠤᠨ ᠰᠢᠪᠡᠷ ᠰᠢᠷᠣᠢ ᠶ᠋ᠢ ᠨᠢ ᠠᠷᠢᠯᠭᠠᠨ ᠴᠡᠪᠡᠷᠯᠡᠭᠡᠳ ᠬᠡᠷᠴᠢᠵᠦ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠭᠤᠱᠤᠭᠤᠨ ᠠᠮᠲᠠ ᠲᠠᠢ; ᠬᠦᠢᠲᠡᠨ ᠴᠢᠨᠠᠷ ᠲᠠᠢ; ᠬᠣᠣᠷ ᠲᠠᠢ᠃
[ ᠴᠢᠳᠠᠯ ᠪᠠ ᠭᠣᠣᠯᠳᠠᠭᠤ ᠵᠠᠰᠠᠬᠤ] ᠬᠠᠪᠤᠩ ᠢ᠋ ᠠᠷᠢᠯᠭᠠᠬᠤ᠂ ᠨᠢᠶᠠᠨ ᠬᠣᠷᠣᠬᠠᠢ ᠶ᠋ᠢ ᠨᠢᠲᠤᠯᠬᠤ ᠴᠢᠳᠠᠯ ᠲᠠᠢ᠃ ᠭᠣᠣᠯᠳᠠᠭᠤ ᠰᠠᠬᠤᠤ ᠪᠣᠭᠣᠮ᠎ᠠ᠂ ᠨᠢᠶᠠᠨ ᠴᠠᠩᠬ᠎ᠠ᠂ ᠲᠠᠷᠢᠬᠢᠨ ᠬᠠᠳᠬᠤᠯᠭ᠎ᠠ᠂ ᠶᠠᠮᠠ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
[ ᠠᠩᠬᠠᠷᠤᠯ] ᠵᠢᠷᠮᠦᠰᠦᠨ ᠡᠮᠡᠭᠲᠡᠢ ᠪᠣᠯᠤᠨ ᠥᠲᠡᠯᠦᠭᠰᠡᠳ᠂ ᠲᠠᠮᠢᠷ ᠳᠣᠷᠣᠢᠳᠠᠰᠠᠳ ᠲᠤ ᠤᠤᠭᠤᠯᠭᠠᠵᠤ ᠪᠣᠯᠬᠤ ᠦᠭᠡᠢ᠃
ᠬᠢᠲᠠᠳ ᠨᠡᠷ᠎ᠡ᠄1商陆2垂序商陆
ᠠᠩᠭ᠌ᠯᠢ ᠨᠡᠷ᠎ᠡ᠄ 1 Phytolacca acinosa Roxb. 2Phytolacca americana L.
ᠦᠰᠦᠭ ᠠᠮᠢᠯᠠᠭᠤᠯᠤᠭᠴᠢ᠄ ᠠᠯᠲᠠᠨᠴᠡᠴᠡᠭ
ᠬᠢᠨᠠᠭᠴᠢ᠄ ᠲᠤᠶᠠᠭ᠎ᠠ
