ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 16 Нэгэн ном тавцан үн өдөр үн тэмдэглэлээс – 16 ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 16 Нэгэн ном тавцан үн өдөр үн тэмдэглэлээс – 16

ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 16 Нэгэн ном тавцан үн өдөр үн тэмдэглэлээс – 16

2025-01-15

576



       ᠨᠢᠭᠡ ᠪᠠᠶᠠᠨ ᠬᠥᠮᠦᠨ ᠬᠡᠦᠬᠡᠳ ᠢ᠋ᠶ᠋ᠡᠨ ᠳᠠᠭᠠᠭᠤᠯᠤᠨ ᠬᠥᠳᠡᠭᠡ ᠶᠠᠪᠤᠵᠤ ᠬᠥᠮᠦᠰ ᠦ᠋ᠨ ᠶᠠᠳᠠᠭᠤ ᠵᠦᠳᠡᠭᠦᠦ ᠠᠮᠢᠳᠤᠷᠠᠯ ᠢ᠋ ᠬᠦᠦ ᠳ᠋ᠦ᠍ ᠪᠡᠨ ᠦᠵᠡᠭᠦᠯᠬᠦ ᠭᠡᠰᠡᠨ ᠶᠦᠮ ᠪᠠᠢᠵᠠᠢ᠃ ᠲᠡᠭᠡᠭᠡᠳ ᠨᠢᠭᠡ ᠶᠠᠳᠠᠭᠤ ᠠᠢᠯ ᠳ᠋ᠤ᠌ ᠬᠣᠨᠣᠪᠠ᠃ ᠬᠣᠲᠠ ᠤᠷᠤᠭᠤ ᠡᠷᠭᠢᠵᠦ ᠶᠠᠪᠤᠬᠤ ᠳ᠋ᠤ᠌ ᠪᠠᠨ ᠡᠴᠢᠭᠡ ᠨᠢ ᠬᠦᠦ ᠡᠴᠡ ᠪᠡᠨ᠄ 
       — ᠵᠠ! ᠮᠢᠨᠦ ᠬᠦᠦ᠂ ᠬᠥᠳᠡᠭᠡ ᠶᠠᠪᠤᠬᠤ ᠲᠠᠭᠠᠯᠠᠭᠳᠠᠪᠠ ᠤᠤ? ᠭᠡᠵᠦ ᠠᠰᠠᠭᠤᠬᠤ ᠳ᠋ᠤ᠌ ᠬᠦᠦ ᠨᠢ᠄ 
       — ᠲᠡᠢᠮᠦ ᠠ᠋᠂ ᠮᠠᠰᠢ ᠶᠡᠬᠡ ᠲᠠᠭᠠᠯᠠᠭᠳᠠᠯ᠎ᠠ ᠭᠡᠵᠦ ᠬᠠᠷᠢᠭᠤᠯᠵᠠᠢ᠃ 
       — ᠶᠠᠳᠠᠭᠤ ᠠᠮᠢᠳᠤᠷᠠᠯ ᠭᠡᠵᠦ ᠶᠠᠮᠠᠷ ᠪᠠᠢᠳᠠᠭ ᠢ᠋ ᠬᠠᠷᠠᠭ᠎ᠠ ᠪᠢᠵᠡ ᠳᠡ? 
       — ᠲᠡᠢᠮᠦ ᠠ᠋᠃ 
       — ᠲᠡᠭᠡᠪᠡᠯ ᠴᠢ ᠡᠨᠡ ᠪᠦᠬᠦᠨ ᠡᠴᠡ ᠶᠠᠮᠠᠷ ᠰᠤᠷᠭᠠᠮᠵᠢ ᠠᠪᠤᠪᠠ? 
       — ᠮᠠᠨ ᠤ᠋ ᠬᠢ ᠭᠡᠷ ᠲᠦ᠍ ᠪᠡᠨ ᠭᠠᠭᠴᠠᠬᠠᠨ ᠨᠣᠬᠠᠢ ᠲᠠᠢ᠂ ᠲᠡᠳᠡᠨ ᠦ᠌ ᠬᠢ ᠳᠥᠷᠪᠡᠨ ᠨᠣᠬᠠᠢ ᠲᠠᠢ᠂ ᠮᠠᠨ ᠤ᠋ ᠬᠢ ᠳᠥᠩᠭᠡᠵᠢ ᠴᠡᠴᠡᠷᠯᠢᠭ ᠦ᠋ᠨ ᠬᠠᠭᠠᠰ ᠢ᠋ ᠡᠵᠡᠯᠡᠭᠰᠡᠨ ᠤᠰᠤᠨ ᠰᠠᠩ ᠲᠠᠢ᠂ ᠲᠡᠳᠡᠨ ᠦ᠌ ᠬᠢ ᠬᠡᠳᠦᠨ ᠵᠠᠭᠤᠨ ᠺᠢᠯᠣᠮᠧᠲ᠋ᠷ ᠦᠷᠭᠦᠯᠵᠢᠯᠡᠭᠰᠡᠨ ᠭᠣᠣᠯ ᠭᠣᠷᠣᠬ᠎ᠠ ᠲᠠᠢ᠃ ᠮᠠᠨ ᠤ᠋ ᠴᠡᠴᠡᠷᠯᠢᠭ ᠲᠦ᠍ ᠴᠢᠳᠧᠩ ᠪᠠᠢᠬᠤ ᠳ᠋ᠤ᠌᠂ ᠲᠡᠳᠡᠨ ᠦ᠌ ᠬᠢ ᠲᠦᠭ ᠲᠦᠮᠡᠨ ᠲᠩᠷᠢ ᠶ᠋ᠢᠨ ᠣᠳᠣ ᠬᠠᠷᠠᠭᠳᠠᠳᠠᠭ᠃ ᠮᠠᠨ ᠤ᠋ ᠭᠡᠷ ᠦ᠋ᠨ ᠬᠠᠮᠤᠭ ᠤ᠋ᠨ ᠤᠷᠲᠤ ᠲᠠᠭᠲᠤ ᠨᠢ ᠴᠡᠴᠡᠷᠯᠢᠭ ᠬᠦᠷᠲᠡᠯ᠎ᠡ ᠪᠠᠢᠬᠤ ᠳ᠋ᠤ᠌ ᠲᠡᠳᠡᠨ ᠦ᠌ ᠬᠢ ᠲᠩᠷᠢ ᠶ᠋ᠢᠨ ᠬᠠᠶᠠᠭ᠎ᠠ ᠬᠦᠷᠳᠡᠭ᠃  
       ᠵᠢᠭᠠᠯ ᠬᠦᠦ ᠶ᠋ᠢ ᠶᠠᠷᠢᠵᠤ ᠪᠠᠢᠬᠤ ᠳ᠋ᠤ᠌ ᠡᠴᠢᠭᠡ ᠨᠢ ᠭᠠᠢᠬᠠᠭᠰᠠᠨ ᠳ᠋ᠤ᠌ ᠪᠠᠨ ᠭᠠᠭᠴᠠ ᠴᠦ᠍ ᠦᠭᠡ ᠳᠤᠤᠭᠠᠷᠴᠤ ᠴᠢᠳᠠᠭᠰᠠᠨ ᠦᠭᠡᠢ᠃ ᠬᠦᠦ ᠨᠢ ᠳᠠᠬᠢᠭᠠᠳ᠄
       — ᠶᠠᠮᠠᠷ ᠶᠠᠳᠠᠭᠤ ᠠᠮᠢᠳᠤᠷᠠᠵᠤ ᠪᠠᠢᠭ᠎ᠠ ᠶ᠋ᠢ ᠮᠢᠨᠢ ᠣᠢᠯᠠᠭᠠᠭᠤᠯᠤᠭᠰᠠᠨ ᠳ᠋ᠤ᠌ ᠪᠠᠶᠠᠷᠯᠠᠯ᠎ᠠ ᠠᠪᠤ ᠠ᠋! ᠭᠡᠪᠡ᠃  

      ᠦᠰᠦᠭ ᠠᠮᠢᠯᠠᠭᠤᠯᠤᠭᠴᠢ᠄ ᠡᠩᠬᠡᠪᠠᠲᠤ  
         ᠦᠰᠦᠭ ᠬᠢᠨᠠᠭᠴᠢ᠄ ᠪᠠᠶᠠᠷᠴᠡᠴᠡᠭ