ᠵᠣᠪᠠᠭᠰᠠᠨ ᠰᠦ - ᠪᠠᠪᠤᠤ ᠶ᠋ᠢᠨ ᡀᠬᠠᠪᠠᠰᠥ᠋ᠷᠦᠩ Зовсон сүү — Бавуугийн Лхагвасүрэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠣᠪᠠᠭᠰᠠᠨ ᠰᠦ - ᠪᠠᠪᠤᠤ ᠶ᠋ᠢᠨ ᡀᠬᠠᠪᠠᠰᠥ᠋ᠷᠦᠩ Зовсон сүү — Бавуугийн Лхагвасүрэн

ᠵᠣᠪᠠᠭᠰᠠᠨ ᠰᠦ - ᠪᠠᠪᠤᠤ ᠶ᠋ᠢᠨ ᡀᠬᠠᠪᠠᠰᠥ᠋ᠷᠦᠩ Зовсон сүү — Бавуугийн Лхагвасүрэн

2025-01-15

636


            ᠪᠠᠪᠤᠤ ᠶ᠋ᠢᠨ ᡀᠬᠠᠪᠠᠰᠥ᠋ᠷᠦᠩ  

 ᠡᠭᠦᠯᠡ ᠡᠭᠦᠯᠡᠨ ᠡᠴᠡ ᠪᠡᠨ ᠲᠠᠰᠤᠷᠠᠵᠤ ᠨᠡᠭᠦᠳᠡᠭ ᠲᠡᠢ ᠵᠢᠱ᠌ᠢᠵᠦ 
 ᠦᠶ᠎ᠡ ᠦᠶᠡᠬᠡᠨ ᠥᠪᠡᠷ ᠢ᠋ ᠪᠡᠨ ᠮᠠᠷᠲᠠᠳᠠᠭ ᠭᠡᠵᠦ ᠴᠢ ᠰᠠᠨᠠᠬᠤ ᠶᠤᠮ 
 ᠦᠢᠯᠡ ᠶ᠋ᠢᠨ ᠦᠷ᠎ᠡ ᠶ᠋ᠢᠨ ᠰᠠᠳᠤᠷ ᠬᠢᠰᠠᠯᠠᠩ ᠲᠠᠢ ᠲᠤᠯᠭᠠᠵᠤ 
 ᠦᠬᠦᠵᠦ ᠠᠯᠳᠠᠳᠠᠭ ᠢ᠋ ᠮᠢᠨᠢ ᠬᠤᠳᠠᠯ ᠭᠡᠵᠦ ᠴᠢ ᠪᠣᠳᠣᠬᠤ ᠶᠤᠮ᠃  

 ᠦᠭᠡᠢ ᠳᠡ! ᠦᠭᠡᠢ᠁ 
 ᠢᠲᠡᠭᠡᠵᠦ ᠶᠠᠳᠠᠬᠤ ᠶ᠋ᠢᠨ ᠠᠯᠠᠭᠯᠠᠩ ᠮᠢᠨᠢ᠁ 
 ᠢᠷᠡᠭᠡ ᠦᠭᠡᠢ ᠵᠢᠷᠭᠠᠯ ᠤ᠋ᠨ ᠠᠮᠠᠯᠠᠩ ᠮᠢᠨᠢ 
 ᠦᠨᠡᠮᠰᠢᠬᠦ ᠪᠡᠨ ᠪᠠᠢᠭ ᠯᠠ ᠳᠠ! ᠴᠢ᠁ 
 ᠦᠬᠦᠭᠡᠳ ᠴᠦ᠍ ᠪᠢ ᠴᠢᠮᠠᠶ᠋ᠢ ᠮᠠᠷᠲᠠᠵᠤ ᠴᠢᠳᠠᠬᠤ ᠦᠭᠡᠢ!  

 ᠪᠤᠷᠤᠭᠤ ᠪᠦᠬᠦᠨ ᠢ᠋ ᠴᠢᠨᠢ ᠠᠭᠤᠴᠢᠯᠠᠵᠤ 
 ᠴᠢᠮ᠎ᠠ ᠳ᠋ᠤ᠌ ᠬᠠᠢᠷᠠᠲᠠᠢ ᠪᠠᠢᠭᠰᠠᠨ ᠢ᠋ ᠮᠢᠨᠢ ᠲᠥᠯᠥᠭᠡ 
 ᠪᠤᠷᠬᠠᠨ ᠮᠢᠨᠦ ᠦᠨᠡᠨ ᠢ᠋ ᠦᠷᠦ ᠡᠪᠡᠳᠴᠦ 
 ᠴᠢᠨᠦ ᠲᠠᠷᠢᠬᠢᠨ ᠳᠣᠲᠣᠷ᠎ᠠ ᠨᠠᠮᠠᠶ᠋ᠢ ᠣᠷᠣᠰᠢᠭᠤᠯᠤᠨ᠎ᠠ᠃  

 ᠨᠢᠳᠦ ᠮᠢᠨᠢ ᠰᠢᠷᠭᠢᠵᠦ ᠳᠠᠭᠤᠰᠬᠤ ᠶ᠋ᠢᠨ ᠴᠠᠭ ᠲᠤᠷ 
 ᠴᠢᠨᠦ ᠦᠵᠡᠰᠬᠦᠯᠡᠩ— ᠨᠠᠳᠠ ᠠ᠋ᠴᠠ ᠠᠷᠢᠯᠤᠨ᠎ᠠ 
 ᠲᠠᠷᠢᠬᠢ ᠮᠢᠨᠢ ᠰᠢᠮᠡᠭᠳᠡᠵᠦ ᠳᠠᠭᠤᠰᠬᠤ ᠶ᠋ᠢᠨ ᠴᠠᠭ ᠲᠤᠷ 
 ᠴᠢᠮᠠᠶ᠋ᠢ ᠬᠠᠢᠷᠠᠯᠠᠬᠤ — ᠨᠠᠳᠠ ᠠ᠋ᠴᠠ ᠬᠠᠭᠠᠴᠠᠨ᠎ᠠ᠃   

          2010 ᠣᠨ ᠤ᠋ ᠬᠠᠪᠤᠷ ᠴᠠᠭ  


 《ᠵᠣᠪᠠᠭᠰᠠᠨ ᠰᠦ》 ᠡᠴᠡ ᠬᠠᠭᠤᠯᠤᠨ ᠪᠢᠴᠢᠪᠡ᠃

   ᠦᠰᠦᠭ ᠠᠮᠢᠯᠠᠭᠤᠯᠤᠭᠴᠢ᠄ ᠡᠩᠬᠡᠪᠠᠲᠤ 
       ᠦᠰᠦᠭ ᠬᠢᠨᠠᠭᠴᠢ᠄ ᠪᠠᠶᠠᠷᠴᠡᠴᠡᠭ