ᠳᠤᠷᠠᠳᠬᠠᠯ - ᠱᠠᠷᠠᠢᠳ· ᠭᠡᠷᠡᠯ Дурдатгал-Шарайд· Гэрэл
ᠳᠤᠷᠠᠳᠬᠠᠯ
ᠵᠣᠬᠢᠶᠠᠭᠴᠢ᠄ ᠱᠠᠷᠠᠢᠳ· ᠭᠡᠷᠡᠯ
ᠤᠶᠠᠩᠭᠠᠯᠠᠭᠴᠢ᠄ ᠱᠠᠷᠠᠢᠳ· ᠭᠡᠷᠡᠯ
ᠲᠩᠷᠢ ᠪᠡᠨ ᠴᠢᠮᠡᠭᠰᠡᠨ ᠡᠷᠬᠡᠰ ᠨᠢ ᠰᠠᠨᠰᠠᠷ ᠲᠤ᠌ ᠲᠣᠪᠯᠠᠨ ᠰᠠᠭᠠᠲᠠᠬᠤ ᠶᠤᠮ
ᠲᠣᠷᠭᠠᠨ ᠨᠠᠢᠷᠠᠭ ᠤ᠋ᠨ ᠥᠩᠭᠡ ᠰᠡᠳᠬᠢᠯ ᠪᠣᠳᠣᠵᠤ ᠰᠤᠪᠤᠳᠷᠠᠬᠤ ᠶᠤᠮ
ᠲᠣᠰᠣᠨ ᠲᠠᠷᠭᠤ ᠲᠠᠢ ᠮᠠᠯ ᠨᠢ ᠨᠤᠲᠤᠭ ᠢ᠋ᠶ᠋ᠠᠨ ᠳᠦᠭᠦᠷᠭᠡᠭᠡᠳ ᠠᠯᠠᠭᠯᠠᠵᠤ
ᠲᠣᠯᠢᠨ ᠬᠥᠬᠡ ᠨᠠᠭᠤᠷ ᠢ᠋ ᠨᠢ ᠠᠭᠤᠯᠠᠰ ᠥᠩᠭᠡᠢᠵᠦ ᠰᠦᠨᠳᠡᠷᠯᠡᠳᠡᠭ ᠶᠤᠮ
ᠪᠣᠲᠣᠭᠣᠨ ᠪᠣᠷᠣ ᠠᠭᠤᠯᠠ ᠨᠢ ᠨᠠᠮ᠎ᠠ ᠶ᠋ᠢ ᠳᠠᠭᠤᠳᠠᠭᠠᠳ ᠨᠡᠭᠦᠬᠦ ᠶᠤᠮ
ᠪᠤᠯᠭᠢᠯᠠᠬᠤ ᠪᠢᠴᠢᠬᠠᠨ ᠵᠢᠷᠦᠬᠡ ᠮᠢᠨᠢ ᠴᠢᠮ᠎ᠠ ᠶ᠋ᠢ ᠳᠠᠭᠠᠭᠠᠳ ᠳᠡᠷᠪᠡᠬᠦ᠌ ᠶᠤᠮ
ᠪᠠᠭᠤᠵᠤ ᠮᠣᠷᠳᠠᠬᠤ ᠰᠠᠭᠭᠠᠯᠲᠠ ᠳ᠋ᠤ᠌ ᠮᠡᠨᠳᠦ ᠵᠥᠷᠢᠭᠡᠳ ᠵᠣᠯᠭᠠᠬᠤ ᠳ᠋ᠤ᠌ ᠪᠠᠨ
ᠪᠤᠴᠠᠭᠠᠳ ᠨᠡᠭᠦᠬᠦ ᠭᠠᠯᠠᠭᠤᠳ ᠠ᠋ᠴᠠ ᠴᠢᠨᠦ ᠬᠠᠢᠷ᠎ᠠ ᠶ᠋ᠢ ᠬᠦᠰᠡᠬᠦ ᠶᠤᠮ
ᠦᠬᠡᠷ ᠦ᠋ᠨ ᠭᠠᠭᠴᠠ ᠴᠤᠪᠤᠭ᠎ᠠ ᠨᠢ ᠮᠡᠯᠮᠡᠢ ᠳ᠋ᠦ᠍ ᠳᠠᠩᠴᠢ ᠠᠶᠠᠲᠠᠢᠬᠠᠨ
ᠤᠨᠠᠭᠠᠨ ᠪᠠᠯᠴᠢᠷ ᠨᠠᠰᠤᠨ ᠤ᠋ ᠮᠢᠨᠢ ᠠᠩᠬ᠎ᠠ ᠲᠠᠨᠢᠭᠰᠠᠨ ᠵᠠᠮ ᠶᠤᠮ
ᠤᠬᠠᠭᠠᠨ ᠪᠣᠳᠣᠯ ᠤ᠋ᠨ ᠲᠣᠭᠠᠯᠠᠭᠳᠠᠬᠤ ᠡᠬᠢᠨ ᠨᠢ ᠠᠷᠫ ᠲᠣᠭ᠎ᠠ ᠶ᠋ᠢ
ᠤᠰᠤᠨ ᠳ᠋ᠤ᠌ ᠶᠠᠪᠤᠬᠤ ᠵᠠᠮ ᠳ᠋ᠤ᠌ ᠪᠠᠨ ᠪᠢ ᠣᠯᠤᠭᠰᠠᠨ
ᠲᠣᠭᠣᠰ ᠠᠯᠠᠭ ᠡᠭᠦᠯᠡᠰ ᠨᠢ ᠬᠤᠷ᠎ᠠ ᠪᠠᠨ ᠡᠷᠭᠦᠭᠡᠳ ᠨᠡᠭᠦᠬᠦ ᠶᠤᠮ
ᠲᠣᠮᠣᠭ᠎ᠠ ᠦᠭᠡᠢ ᠨᠠᠰᠤᠨ ᠤ᠋ ᠬᠡᠢᠷᠬᠡᠯ ᠲᠡᠭᠦᠨ ᠢ᠋ ᠳᠠᠭᠠᠭᠠᠳ ᠣᠳᠬᠤ ᠶᠤᠮ
ᠳᠤᠲᠠᠭᠤ ᠠᠯᠠᠭ ᠬᠥᠷᠥᠰᠥᠨ ᠡᠴᠡ ᠳᠡᠯᠡᠬᠡᠢ ᠶ᠋ᠢᠨ ᠵᠢᠷᠤᠭ ᠬᠠᠢᠬᠤ ᠶᠤᠮ
ᠳᠤᠷᠠᠳᠬᠠᠯ ᠳ᠋ᠤ᠌ ᠡᠷᠢᠭᠳᠡᠬᠦ ᠨᠥᠬᠥᠷᠯᠡᠯ ᠮᠢᠨᠢ ᠨᠠᠢᠷ ᠳᠠᠭᠤᠳᠠᠵᠤ ᠳᠤᠷᠠᠢᠬᠤ ᠶᠤᠮ
ᠲᠠᠤᠯᠠᠢ ᠬᠡᠪᠲᠡᠳᠡᠭ ᠳᠠᠷᠠᠰᠤ ᠶ᠋ᠢ ᠨᠥᠮᠥᠷᠢ ᠲᠡᠢ ᠭᠡᠮᠡᠨ ᠰᠠᠨᠠᠵᠤ
ᠬᠣᠨᠢᠳ ᠲᠣᠭᠲᠠᠬᠤ ᠴᠢᠯᠥᠭᠡ ᠳ᠋ᠦ᠍ ᠡᠪᠦᠷ ᠲᠦ᠍ ᠨᠢ ᠬᠡᠪᠲᠡᠵᠦ ᠦᠵᠡᠯ᠎ᠡ
ᠮᠠᠢᠯᠠᠬᠤ ᠲᠥᠯ ᠦ᠋ᠨ ᠳᠠᠭᠤᠨ ᠢ᠋ᠶ᠋ᠠᠷ ᠨᠣᠢᠷ ᠠ᠋ᠴᠠ ᠪᠠᠨ ᠰᠡᠷᠢᠭᠰᠡᠨ ᠨᠢᠭᠤᠴᠠ ᠶ᠋ᠢ
ᠮᠠᠯ ᠤ᠋ᠨ ᠪᠡᠯᠴᠢᠭᠡᠷ ᠴᠢᠮᠡᠭᠰᠡᠨ ᠦᠶᠡᠲᠦ ᠶ᠋ᠢᠨ ᠬᠤᠸᠠ ᠯᠠ ᠮᠡᠳᠡᠨ᠎ᠡ
ᠬᠣᠨᠢᠨ ᠪᠣᠷᠣᠯᠠᠭ ᠡᠭᠦᠯᠡᠰ ᠨᠢ ᠬᠣᠷᠸ᠎ᠠ ᠶ᠋ᠢ ᠴᠢᠮᠡᠭᠡᠳ ᠨᠡᠭᠦᠬᠦ ᠶᠤᠮ
ᠬᠣᠲᠠᠯᠠ ᠶ᠋ᠢᠨ ᠪᠣᠯᠵᠣᠭᠠᠨ ᠳ᠋ᠤ᠌ ᠤᠶᠠᠭᠠᠲᠠᠢ ᠳᠤᠷᠠᠰᠤᠮᠵᠢ ᠡᠷᠭᠢᠵᠦ ᠪᠣᠳᠣᠭᠳᠠᠬᠤ ᠶᠤᠮ
ᠬᠤᠷᠳᠤᠨ ᠬᠡᠭᠡᠷ ᠦ᠋ᠨ ᠭᠦᠶᠦᠳᠡᠯ ᠠᠢᠮᠠᠭ ᠤ᠋ᠨ ᠨᠠᠢᠷ ᠢ᠋ ᠰᠠᠨᠠᠭᠳᠠᠭᠤᠯᠵᠤ
ᠬᠣᠩᠭᠣᠷ ᠰᠠᠯᠬᠢᠨ ᠳ᠋ᠤ᠌ ᠰᠣᠢᠭᠰᠠᠨ ᠢᠨᠠᠭ ᠤ᠋ᠨ ᠬᠠᠷᠠᠴᠠ ᠮᠡᠯᠮᠡᠷᠡᠨ᠎ᠡ
ᠦᠰᠦᠭ ᠬᠠᠳᠠᠭᠴᠢ᠄ᠱᠠᠷᠠᠢᠳ· ᠭᠡᠷᠡᠯ
ᠠᠮᠢᠯᠠᠭᠤᠯᠤᠭᠴᠢ᠄ ᠣᠳᠬᠣᠩᠬᠤᠸᠠᠷ
ᠬᠢᠨᠠᠭᠴᠢ᠄ ᠣᠳᠬᠣᠩᠬᠤᠸᠠᠷ