ᠰᠢᠬᠢᠷ ᠡᠪᠡᠰᠦЧихэр өвс ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠬᠢᠷ ᠡᠪᠡᠰᠦЧихэр өвс

ᠰᠢᠬᠢᠷ ᠡᠪᠡᠰᠦЧихэр өвс

2025-01-16

498

ᠰᠢᠬᠢᠷ ᠡᠪᠡᠰᠦ

   ᠲᠤᠰ ᠡᠮ ᠪᠣᠯ ᠪᠤᠷᠴᠠᠭ ᠤ᠋ᠨ ᠢᠵᠠᠭᠤᠷ ᠤ᠋ᠨ ᠤᠷᠭᠤᠮᠠᠯ ᠪᠣᠯᠬᠤ ᠰᠢᠬᠢᠷ ᠡᠪᠡᠰᠦ ᠶ᠋ᠢᠨ ᠦᠨᠳᠦᠰᠦ ᠪᠠ ᠦᠨᠳᠦᠰᠦᠯᠢᠭ ᠡᠰᠢ ᠮᠥᠨ᠃ ᠪᠠᠰᠠ ᠰᠢᠩ ᠠᠷ ᠂ ᠰᠢᠬᠢᠷ ᠪᠤᠶᠠ ᠭᠡᠳᠡᠭ᠃
   [ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃30 - 100cm ᠥᠨᠳᠥᠷ᠂ ᠪᠦᠬᠦ ᠪᠡᠶ᠎ᠡ ᠳ᠋ᠦ᠍ᠨᠢ ᠣᠬᠣᠷ ᠴᠠᠭᠠᠨ ᠦᠰᠦ ᠪᠤᠶᠤ ᠪᠤᠯᠴᠢᠷᠬᠠᠢ ᠦᠰᠦ ᠲᠡᠢ᠃ ᠡᠰᠢ ᠨᠢ ᠰᠢᠯᠤᠭᠤᠨ ᠪᠥᠭᠡᠳ ᠵᠢᠭᠠᠬᠠᠨ ᠮᠣᠳᠣᠯᠢᠭ᠂ ᠰᠣᠨᠳᠣᠭᠣᠢ ᠥᠳᠥᠯᠢᠭ ᠨᠡᠢᠯᠡᠮᠡᠯ ᠨᠠᠪᠴᠢ ᠲᠠᠢ᠂7 - 17 ᠵᠢᠵᠢᠭ ᠨᠠᠪᠴᠢ ᠲᠠᠢ᠃ ᠵᠢᠵᠢᠭ ᠨᠠᠪᠴᠢ ᠨᠢ ᠥᠨᠳᠡᠭᠡᠯᠵᠢᠨ ᠪᠤᠶᠤ ᠥᠷᠭᠡᠨ ᠥᠨᠳᠡᠭᠡᠯᠵᠢᠨ ᠬᠡᠯᠪᠡᠷᠢ ᠲᠡᠢ᠃1 - 3cm ᠤᠷᠲᠤ᠂1 - 2.5cm ᠥᠷᠭᠡᠨ᠂ ᠲᠣᠭᠣᠷᠢᠭ ᠪᠤᠶᠤ ᠥᠷᠭᠡᠨ ᠱᠠᠭᠠᠨᠲᠠᠭ ᠤᠭ ᠲᠠᠢ᠂ ᠪᠦᠲᠦᠨ ᠬᠥᠪᠡᠭᠡ ᠲᠡᠢ ᠴᠠᠴᠤᠭ ᠬᠡᠯᠪᠡᠷᠢᠲᠦ ᠪᠠᠭ ᠴᠡᠴᠡᠭ ᠨᠢ ᠨᠠᠪᠴᠢᠨ ᠤ᠋ ᠥᠪᠥᠷ ᠲᠤ ᠳᠡᠯᠭᠡᠷᠡᠨ᠎ᠡ᠃ ᠴᠡᠴᠡᠭ ᠦ᠋ᠨ ᠲᠣᠭᠳᠣᠢ ᠨᠢ ᠬᠤᠩᠬ᠎ᠠ ᠬᠡᠯᠪᠡᠷᠢ ᠲᠡᠢ᠂5 ᠰᠡᠵᠢᠭᠦᠷ ᠲᠡᠢ᠃ ᠴᠡᠴᠡᠭ ᠦ᠋ᠨ ᠳᠡᠯᠪᠢ ᠨᠢ ᠡᠷᠪᠡᠬᠡᠢ ᠬᠡᠯᠪᠡᠷᠢ ᠲᠡᠢ᠃ ᠪᠤᠷᠴᠠᠭ ᠵᠢᠮᠢᠰ ᠨᠢ ᠬᠦᠷᠡᠩ ᠥᠩᠭᠡ ᠲᠡᠢ᠂ ᠬᠠᠳᠤᠭᠤᠷ ᠪᠤᠶᠤ ᠭᠠᠷᠠᠬ᠎ᠠ ᠰᠢᠭ᠋᠃6-7 ᠳ᠋ᠤᠭᠠᠷ ᠰᠠᠷ᠎ᠠ ᠳ᠋ᠤ᠌ ᠴᠡᠴᠡᠭᠯᠡᠵᠦ᠂7 - 9 ᠳ᠋ᠦ᠍ᠭᠡᠷ ᠰᠠᠷ᠎ᠠ ᠳ᠋ᠤ᠌ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠰᠢᠬᠢᠷ ᠡᠪᠡᠰᠦ ᠪᠣᠯ ᠭᠠᠩ ᠬᠠᠭᠤᠷᠠᠢ ᠬᠡᠭᠡᠷ᠎ᠡ ᠲᠠᠯ᠎ᠠ᠂ ᠡᠭᠡᠪᠦᠷ᠂ ᠡᠯᠡᠰᠦᠷᠬᠡᠭ ᠭᠠᠵᠠᠷ ᠲᠤ᠌ ᠪᠦᠷ ᠤᠷᠭᠤᠨ᠎ᠠ᠃ ᠵᠡᠭᠦᠨ ᠬᠣᠢᠲᠤ ᠣᠷᠣᠨ᠂ ᠤᠮᠠᠷᠠᠲᠤ ᠣᠷᠣᠨ᠂ ᠱᠠᠨ ᠰᠢ᠂ ᠱᠠᠨᠳᠦ᠋ᠩ᠂ ᠭᠠᠨᠰᠦ᠂ ᠬᠥᠬᠡᠨᠠᠭᠤᠷ ᠵᠡᠷᠭᠡ ᠮᠣᠵᠢ ᠣᠷᠣᠨ ᠳ᠋ᠤ᠌ ᠲᠠᠷᠬᠠᠴᠠ ᠲᠠᠢ᠃ ᠭᠢᠯᠦᠭᠡᠷ ᠰᠢᠬᠢᠷ ᠡᠪᠡᠰᠦ ᠪᠣᠯ ᠰᠢᠨᠵᠢᠶᠠᠩ ᠤ᠋ᠨ ᠬᠣᠢᠲᠤ ᠬᠡᠰᠡᠭ᠂ ᠬᠥᠬᠡᠨᠠᠭᠤᠷ᠂ ᠭᠠᠨᠰᠦ ᠳ᠋ᠦ᠍ ᠲᠠᠷᠬᠠᠴᠠ ᠲᠠᠢ᠃ ᠪᠥᠨᠲᠥᠭᠡᠷ ᠰᠢᠬᠢᠷ ᠡᠪᠡᠰᠦ ᠪᠣᠯ ᠬᠤᠵᠢᠷᠯᠢᠭ ᠭᠠᠵᠠᠷ ᠲᠤ᠌ ᠤᠷᠭᠤᠨ᠎ᠠ᠃ ᠰᠢᠨᠵᠢᠶᠠᠩ ᠤ᠋ᠨ ᠲᠠᠷᠢᠮ ᠤ᠋ᠨ ᠬᠣᠲᠣᠭᠣᠷ ᠠ᠋ᠴᠠ ᠵᠡᠭᠦᠨᠰᠢ ᠭᠠᠨᠰᠦ ᠳ᠋ᠦ᠍ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] ᠬᠠᠪᠤᠷ᠂ ᠨᠠᠮᠤᠷ ᠦᠨᠳᠦᠰᠦ ᠪᠠ ᠦᠨᠳᠦᠰᠦᠯᠢᠭ ᠡᠰᠢ ᠶ᠋ᠢ ᠨᠢ ᠮᠠᠯᠲᠠᠨ ᠠᠪᠴᠤ᠂ ᠰᠠᠬᠠᠯ ᠦᠨᠳᠦᠰᠦ ᠶ᠋ᠢ ᠨᠢ ᠠᠷᠢᠯᠭᠠᠭᠠᠳ ᠨᠠᠷᠠᠨ ᠳ᠋ᠤ᠌ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠠᠮᠲᠠᠯᠢᠭ ᠠᠮᠲᠠ ᠲᠠᠢ; ᠰᠡᠷᠢᠭᠦᠨ ᠴᠢᠨᠠᠷ ᠲᠠᠢ; ᠰᠢᠩᠭᠡᠨ᠂ ᠡᠶᠡᠯᠳᠡᠭ᠂ ᠵᠥᠭᠡᠯᠡᠨ ᠡᠷᠳᠡᠮ ᠲᠡᠢ᠃
   [ᠴᠢᠳᠠᠯ ᠪᠠ ᠭᠣᠣᠯᠳᠠᠭᠤ ᠵᠠᠰᠠᠬᠤ] ᠬᠠᠨᠢᠶᠠᠬᠤ ᠶ᠋ᠢ ᠵᠣᠭᠰᠣᠭᠠᠬᠤ᠂ ᠠᠭᠤᠰᠬᠢ ᠶ᠋ᠢ ᠲᠥᠯᠥᠵᠢᠭᠦᠯᠬᠦ᠂ ᠰᠢᠮᠡᠵᠢᠭᠦᠯᠬᠦ᠂ ᠪᠥᠭᠡᠯᠵᠢᠬᠦ ᠶ᠋ᠢ ᠵᠣᠭᠰᠣᠭᠠᠬᠤ᠂ ᠤᠮᠳᠠᠭᠠᠰᠬᠤ ᠶ᠋ᠢ ᠳᠠᠷᠤᠬᠤ᠂ ᠬᠣᠣᠷ ᠲᠠᠢᠯᠬᠤ ᠴᠢᠳᠠᠯ ᠲᠠᠢ᠃ ᠭᠣᠣᠯᠳᠠᠭᠤ ᠠᠭᠤᠰᠬᠢᠨ ᠬᠠᠯᠠᠭᠤᠨ ᠢ᠋ᠶ᠋ᠠᠷ ᠬᠠᠨᠢᠶᠠᠬᠤ᠂ ᠴᠢᠰᠤ ᠪᠠᠷ ᠪᠥᠭᠡᠯᠵᠢᠬᠦ᠂ ᠬᠣᠣᠷ ᠡᠪᠡᠳᠴᠢᠨ᠂ ᠴᠠᠭᠠᠨ ᠰᠤᠳᠠᠯ ᠤ᠋ᠨ ᠡᠪᠡᠳᠴᠢᠨ᠂ ᠬᠣᠳᠣᠭᠣᠳᠣ ᠭᠡᠳᠡᠰᠦᠨ ᠦ᠌ ᠪᠣᠷᠣ ᠶ᠋ᠢ ᠵᠠᠰᠠᠬᠤ ᠳ᠋ᠤ᠌ ᠬᠡᠷᠡᠭᠯᠡᠨ᠎ᠡ᠃ ᠰᠢᠬᠢᠷ ᠡᠪᠡᠰᠦ ᠨᠢ 《ᠤᠯᠤᠰ ᠤ᠋ᠨ ᠡᠮ ᠦ᠋ᠨ ᠦᠨᠳᠦᠰᠦ》᠂ 《ᠠᠷᠪᠠᠨ ᠵᠦᠭ ᠶᠢᠰᠦᠨ ᠡᠪᠡᠰᠦ》 ᠭᠡᠰᠡᠨ ᠰᠠᠢᠬᠠᠨ ᠠᠯᠳᠠᠷᠲᠠᠢ᠃ 
   ᠬᠢᠲᠠᠳ ᠨᠡᠷ᠎ᠡ᠄甘草
   ᠠᠩᠭ᠌ᠯᠢ ᠨᠡᠷ᠎ᠡ᠄ Glcyrrhlza uralensis Fisch

   ᠦᠰᠦᠭ ᠠᠮᠢᠯᠠᠭᠤᠯᠤᠭᠴᠢ᠄ ᠤᠷᠠᠨᠴᠢᠮᠡᠭ
   ᠬᠢᠨᠠᠭᠴᠢ᠄ ᠲᠤᠶᠠᠭ᠎ᠠ   ᠪᠣᠷᠣᠨᠤᠳ᠂ ᠴᠢᠮᠡᠭ