1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠭ᠌ᠶᠣᠨᠽᠠᠨᠳᠡᠨ-ᠦᠯᠢᠭᠡᠷᠲᠦ ᠠᠷᠠᠳ ᠦᠨ ᠳᠠᠭᠤᠤ- ᠴᠠᠩ ᠵᠦ᠍Оюунзандан-үлгэрт ардын дуу-Цан зү

ᠣᠭ᠌ᠶᠣᠨᠽᠠᠨᠳᠡᠨ-ᠦᠯᠢᠭᠡᠷᠲᠦ ᠠᠷᠠᠳ ᠦᠨ ᠳᠠᠭᠤᠤ- ᠴᠠᠩ ᠵᠦ᠍Оюунзандан-үлгэрт ардын дуу-Цан зү

2025-01-15

587

ᠣᠭ᠌ᠶᠣᠨᠽᠠᠨᠳᠡᠨ

        ᠦᠯᠢᠭᠡᠷᠲᠦ ᠠᠷᠠᠳ ᠤ᠋ᠨ ᠳᠠᠭᠤᠤ 
            ᠬᠤᠭᠤᠷᠳᠠᠵᠤ ᠳᠠᠭᠤᠯᠠᠭᠰᠠᠨ ᠨᠢ᠄  ᠴᠠᠩ ᠵᠣ᠌ 

ᠰᠢᠭᠯᠠᠭᠠᠳ ᠣᠶᠣᠭᠰᠠᠨ ᠱᠠᠬᠠᠢ ᠶ᠋ᠢ ᠴᠢᠨᠢ ᠣᠭ᠌ᠶᠣᠨᠽᠠᠨᠳᠡᠨ ᠠ ᠬᠠ ᠬᠦᠢ 
ᠰᠢᠪᠠᠷ ᠪᠣᠯᠤᠨ ᠪᠣᠷᠣᠭᠠᠨ ᠳ᠋ᠤ᠌ ᠪᠠᠨ ᠬᠡ ᠬᠡ ᠨᠢ ᠶᠠᠭᠠᠬᠢᠵᠤ ᠯᠠ ᠡᠮᠦᠰᠦᠶ᠎ᠡ ᠬᠦᠢ 
ᠰᠠᠢᠬᠠᠨ ᠲᠥᠷᠥᠭᠰᠡᠨ ᠣᠭ᠌ᠶᠣᠨᠽᠠᠨᠳᠡᠨ ᠠᠩᠭ᠎ᠠ ᠶ᠋ᠢ ᠪᠡᠨ᠂ ᠠ ᠬᠠ ᠬᠦᠢ 
ᠰᠠᠬᠠᠯ ᠤ᠋ᠨ ᠦᠰᠦ ᠪᠡᠨ ᠴᠠᠢᠲᠠᠯ᠎ᠠ ᠪᠣᠯᠪᠠᠴᠤ ᠬᠡ ᠬᠡ ᠨᠢ ᠰᠠᠯᠬᠤ ᠳᠤᠷ᠎ᠠ ᠦᠭᠡᠢ ᠬᠦᠢ 

ᠣᠷᠢᠶᠠᠭᠠᠳ ᠣᠶᠣᠭᠰᠠᠨ ᠭᠤᠲᠤᠯ ᠢ᠋ ᠴᠢᠨᠢ ᠣᠭ᠌ᠶᠣᠨᠽᠠᠨᠳᠡᠨ ᠠ ᠬᠠ ᠬᠦᠢ 
ᠤᠰᠤ ᠪᠣᠯᠤᠨ ᠰᠢᠪᠠᠷ ᠲᠤ᠌ ᠪᠠᠨ ᠬᠡ ᠬᠡ ᠨᠢ ᠶᠠᠭᠠᠬᠢᠵᠤ ᠯᠠ ᠡᠮᠦᠰᠦᠶ᠎ᠡ ᠬᠦᠢ 
ᠰᠠᠢᠬᠠᠨ ᠲᠥᠷᠥᠭᠰᠡᠨ ᠣᠭ᠌ᠶᠣᠨᠽᠠᠨᠳᠡᠨ ᠠᠩᠭ᠎ᠠ ᠶ᠋ᠢ ᠪᠡᠨ᠂ ᠠ ᠬᠠ ᠬᠦᠢ 
ᠰᠠᠬᠠᠯ ᠤ᠋ᠨ ᠦᠰᠦ ᠪᠡᠨ ᠴᠠᠢᠲᠠᠯ᠎ᠠ ᠪᠣᠯᠪᠠᠴᠤ ᠬᠡ ᠬᠡ ᠨᠢ ᠰᠠᠯᠬᠤ ᠳᠤᠷ᠎ᠠ ᠦᠭᠡᠢ ᠬᠦᠢ 

ᠲᠠᠯ᠎ᠠ ᠶ᠋ᠢᠨ ᠪᠤᠯᠠᠭ ᠤ᠋ᠨ ᠤᠷᠤᠰᠬᠠᠯ ᠨᠢ ᠬᠦᠢ ᠲᠣᠭᠰᠢᠨ ᠮᠥᠷᠡᠨ ᠳ᠋ᠦ᠍ ᠪᠡᠨ ᠴᠢᠳᠬᠤᠨ᠎ᠠ ᠰᠢᠦ᠂ ᠠ ᠬᠠ ᠬᠦᠢ 
ᠲᠥᠪᠯᠢᠭ ᠲᠥᠷᠥᠭᠰᠡᠨ ᠣᠭ᠌ᠶᠣᠨᠽᠠᠨᠳᠡᠨ ᠮᠢᠨᠢ ᠵᠠᠮ ᠤ᠋ᠨ ᠬᠤᠤᠳᠤᠭ ᠲᠤ᠌ ᠮᠣᠷᠳᠠᠨ᠎ᠠ ᠬᠦᠢ
ᠲᠥᠪᠯᠢᠭ ᠲᠥᠷᠥᠭᠰᠡᠨ ᠣᠭ᠌ᠶᠣᠨᠽᠠᠨᠳᠡᠨ ᠮᠢᠨᠢ ᠵᠠᠮ ᠤ᠋ᠨ ᠬᠤᠳᠳᠤᠭ ᠲᠤ᠌ ᠮᠣᠷᠳᠠᠭᠠᠳ ᠶᠠᠪᠤᠬᠤᠯ᠎ᠠ
ᠳᠡᠯᠡᠬᠡᠢ ᠶ᠋ᠢ ᠲᠣᠭᠣᠷᠢᠭᠰᠠᠨ ᠲᠠᠢ ᠪᠠᠢ ᠶ᠋ᠢᠨ ᠰᠢᠩ※ ᠴᠢᠨᠢ ᠲᠠᠶᠠᠭ ᠢ᠋ᠶ᠋ᠠᠨ ᠲᠤᠯᠤᠭᠠᠳ ᠮᠣᠷᠳᠠᠭᠤᠯᠤᠨ᠎ᠠ ᠬᠦᠢ

ᠦᠵᠢᠶᠠᠩ ᠮᠥᠷᠡᠨ ᠦ᠌ ᠤᠷᠤᠰᠬᠠᠯ ᠴᠢᠨᠢ ᠬᠦᠢ ᠥᠷᠭᠡᠨ ᠳᠠᠯᠠᠢ ᠳ᠋ᠤ᠌ ᠤᠷᠤᠰᠤᠨ᠎ᠠ ᠰᠢᠦ᠂ ᠠ ᠬᠠ ᠬᠦᠢ
ᠤᠷᠠᠯᠢᠭ ᠲᠥᠷᠥᠭᠰᠡᠨ ᠣᠭ᠌ᠶᠣᠨᠽᠠᠨᠳᠡᠨ ᠮᠢᠨᠢ ᠤᠷᠤᠭ ᠤ᠋ᠨ ᠭᠠᠵᠠᠷ ᠮᠣᠷᠳᠠᠨ᠎ᠠ ᠬᠦᠢ
ᠤᠷᠠᠯᠢᠭ ᠲᠥᠷᠥᠭᠰᠡᠨ ᠣᠭ᠌ᠶᠣᠨᠽᠠᠨᠳᠡᠨ ᠮᠢᠨᠢ ᠤᠷᠤᠭ ᠤ᠋ᠨ ᠭᠠᠵᠠᠷ ᠮᠣᠷᠳᠠᠭᠠᠳ ᠶᠠᠪᠤᠬᠤᠯ᠎ᠠ
ᠡᠭᠦᠳᠡ ᠶ᠋ᠢ ᠪᠡᠨ ᠰᠠᠬᠢᠭᠰᠠᠨ ᠡᠪᠦᠭᠡᠨ ᠪᠤᠷᠬᠠᠨ ᠴᠢᠨᠢ ᠥᠨᠳᠡᠢᠵᠦ ᠪᠣᠰᠤᠭᠠᠳ ᠬᠦᠷᠭᠡᠨ᠎ᠡ ᠬᠦᠢ

ᠭᠠᠯᠠᠭᠤᠨ ᠤ᠋ ᠴᠢᠨᠢ ᠵᠤᠯᠵᠠᠭ᠎ᠠ ᠨᠢ ᠭᠠᠭᠠᠯᠠᠭᠠᠳ ᠭᠠᠷᠬᠤ ᠳ᠋ᠤ᠌᠂ ᠠ ᠬᠠ ᠬᠦᠢ
ᠭᠠᠩᠭ᠎ᠠ ᠮᠥᠷᠡᠨ ᠦ᠌ ᠤᠷᠤᠰᠬᠠᠯ ᠨᠢ ᠳᠠᠭᠠᠵᠤ ᠢᠷᠡᠭᠡᠳ ᠴᠠᠯᠭᠢᠨ᠎ᠠ ᠰᠢᠦ ᠬᠦᠢ
ᠭᠠᠢᠬᠠᠯᠲᠠᠢ ᠲᠥᠷᠥᠭᠰᠡᠨ ᠣᠭ᠌ᠶᠣᠨᠽᠠᠨᠳᠡᠨ ᠮᠢᠨᠢ ᠵᠠᠮ ᠤ᠋ᠨ ᠬᠤᠳᠳᠤᠭ ᠲᠤ᠌ ᠮᠣᠷᠳᠠᠭᠠᠳ ᠶᠠᠪᠤᠬᠤᠯ᠎ᠠ
ᠭᠠᠵᠠᠷ ᠤᠰᠤᠨ ᠤ᠋ ᠨᠠᠪᠲᠠᠭ ᠰᠠᠪᠳᠠᠭ ᠨᠢ ᠳᠠᠭᠠᠵᠤ ᠢᠷᠡᠭᠡᠳ ᠤᠬᠢᠯᠠᠨ᠎ᠠ ᠰᠢᠦ ᠬᠦᠢ

ᠨᠤᠭᠤᠰᠤᠨ ᠤ᠋ ᠴᠢᠨᠢ ᠵᠤᠯᠵᠠᠭ᠎ᠠ ᠨᠢ ᠨᠢᠰᠦᠭᠡᠳ ᠭᠠᠷᠪᠠᠯ ᠠ ᠬᠠ ᠬᠦᠢ
ᠨᠠᠭᠤᠷ ᠤ᠋ᠨ ᠴᠢᠨᠢ ᠤᠰᠤ ᠨᠢ ᠳᠠᠭᠠᠵᠤ ᠢᠷᠡᠭᠡᠳ ᠴᠠᠯᠭᠢᠨ᠎ᠠ ᠰᠢᠦ ᠬᠦᠢ
ᠭᠠᠢᠬᠠᠯᠲᠠᠢ ᠲᠥᠷᠥᠭᠰᠡᠨ ᠣᠭ᠌ᠶᠣᠨᠽᠠᠨᠳᠡᠨ ᠮᠢᠨᠢ ᠭᠠᠵᠠᠷ ᠨᠤᠲᠤᠭ ᠠ᠋ᠴᠠ ᠪᠠᠨ ᠰᠠᠯᠤᠭᠠᠳ ᠶᠠᠪᠤᠬᠤᠯ᠎ᠠ
ᠭᠠᠵᠠᠷ ᠤᠰᠤᠨ ᠤ᠋ ᠨᠠᠪᠳᠠᠭ ᠰᠠᠪᠳᠠᠭ ᠨᠢ ᠳᠠᠭᠠᠵᠤ ᠢᠷᠡᠭᠡᠳ ᠤᠬᠢᠯᠠᠨ᠎ᠠ ᠰᠢᠦ ᠬᠦᠢ

ᠲᠥᠪᠯᠢᠭ ᠲᠥᠷᠥᠭᠰᠡᠨ ᠣᠭ᠌ᠶᠣᠨᠽᠠᠨᠳᠡᠨ ᠲᠥᠷᠥᠭᠰᠡᠨ ᠠᠢᠯ ᠳ᠋ᠤ᠌ ᠪᠠᠨ ᠪᠠᠢᠬᠤ ᠳ᠋ᠤ᠌᠂ ᠠ ᠬᠠ ᠬᠦᠢ
ᠲᠠᠪᠤ ᠵᠢᠷᠭᠤᠭᠠᠨ ᠨᠠᠰᠤᠲᠠᠢ ᠬᠡᠦᠬᠡᠳ ᠨᠢ ᠪᠣᠯᠪᠠᠴᠤ ᠲᠠᠬᠤᠯ ᠡᠪᠡᠳᠴᠢᠨ ᠬᠦᠷᠬᠦ ᠦᠭᠡᠢ ᠰᠢᠦ ᠬᠦᠢ
ᠲᠥᠪᠯᠢᠭ ᠲᠥᠷᠥᠭᠰᠡᠨ ᠣᠭ᠌ᠶᠣᠨᠽᠠᠨᠳᠡᠨ ᠮᠢᠨᠢ ᠵᠠᠮ ᠤ᠋ᠨ ᠬᠤᠳᠳᠤᠭ ᠲᠤ᠌ ᠮᠣᠷᠳᠠᠭᠠᠳ ᠶᠠᠪᠤᠬᠤᠯ᠎ᠠ
ᠲᠠᠪᠢ ᠵᠢᠷᠠ ᠬᠦᠷᠦᠭᠰᠡᠨ ᠬᠥᠭᠰᠢᠨ ᠨᠢ ᠪᠣᠯᠪᠠᠴᠤ ᠲᠣᠮᠣᠭᠣ ᠡᠪᠡᠳᠴᠢᠨ ᠳ᠋ᠦ᠍ ᠬᠡᠪᠲᠡᠴᠢᠬᠡᠵᠡᠢ

ᠤᠷᠠᠯᠢᠭ ᠲᠥᠷᠥᠭᠰᠡᠨ ᠣᠭ᠌ᠶᠣᠨᠽᠠᠨᠳᠡᠨ ᠮᠢᠨᠢ ᠲᠥᠷᠥᠭᠰᠡᠨ ᠠᠢᠯ ᠳ᠋ᠤ᠌ ᠪᠠᠨ ᠪᠠᠢᠬᠤ ᠳ᠋ᠤ᠌᠂ ᠠ ᠬᠠ ᠬᠦᠢ
ᠤᠰᠤᠨ ᠤ᠋ ᠭᠠᠩ ᠤ᠋ᠨ ᠢᠷᠣᠭᠠᠷ ᠲᠤ᠌ ᠨᠢ ᠪᠣᠯᠪᠠᠴᠤ ᠤᠯᠠᠭᠠᠨ ᠯᠢᠩᠬᠤ᠎ᠠ ᠳᠡᠯᠭᠡᠷᠡᠨ᠎ᠡ ᠬᠦᠢ
ᠤᠷᠠᠯᠢᠭ ᠲᠥᠷᠥᠭᠰᠡᠨ ᠣᠭ᠌ᠶᠣᠨᠽᠠᠨᠳᠡᠨ ᠤᠷᠤᠭ ᠤ᠋ᠨ ᠭᠠᠵᠠᠷ ᠲᠤ᠌ ᠪᠠᠨ ᠮᠣᠷᠳᠠᠭᠠᠳ ᠶᠠᠪᠤᠬᠤᠯ᠎ᠠ
ᠤᠰᠤᠨ ᠤ᠋ ᠭᠠᠩ ᠤ᠋ᠨ ᠯᠢᠩᠬᠤ᠎ᠠ ᠨᠢ ᠤᠭ ᠢ᠋ᠶ᠋ᠠᠷ ᠢ᠋ᠶ᠋ᠠᠨ ᠮᠤᠯᠭᠤᠷᠠᠴᠢᠬᠠᠵᠠᠢ

ᠡᠪᠯᠢᠭ ᠲᠥᠷᠥᠭᠰᠡᠨ ᠤᠭ᠌ᠶᠤᠨᠽᠠᠨᠳᠠᠨ ᠮᠢᠨᠢ ᠡᠴᠢᠭᠡ ᠶ᠋ᠢᠨ ᠠᠢᠯ ᠳ᠋ᠤ᠌ ᠪᠠᠨ ᠪᠠᠢᠬᠤ ᠳ᠋ᠤ᠌᠂ ᠠ ᠬᠠ ᠬᠦᠢ
ᠡᠴᠢᠭᠡ ᠶ᠋ᠢᠨ ᠬᠥᠷᠥᠩᠭᠡ ᠦᠬᠡᠷ ᠪᠣᠯᠤᠨ ᠮᠠᠯ ᠴᠢᠨᠢ ᠬᠦᠢ ᠶᠢᠰᠦᠨ ᠵᠠᠭᠤ ᠢᠯᠡᠭᠦᠦ ᠪᠠᠢᠵᠤ ᠪᠠᠢᠵᠠᠢ ᠬᠦᠢ
ᠡᠪᠯᠢᠭ ᠲᠥᠷᠥᠭᠰᠡᠨ ᠤᠭ᠌ᠶᠤᠨᠽᠠᠨᠳᠠᠨ ᠮᠢᠨᠢ ᠤᠷᠤᠭ ᠤ᠋ᠨ ᠭᠠᠵᠠᠷ ᠮᠣᠷᠳᠠᠭᠠᠳ ᠶᠠᠪᠤᠬᠤᠯ᠎ᠠ
ᠡᠴᠢᠭᠡ ᠶ᠋ᠢᠨ ᠬᠥᠷᠥᠩᠭᠡ ᠦᠬᠡᠷ ᠪᠣᠯᠤᠨ ᠮᠠᠯ ᠴᠢᠨᠢ ᠬᠦᠢ ᠶᠢᠰᠦ ᠯᠡ ᠠᠷᠪᠠᠬᠠᠨ ᠦᠯᠡᠳᠡᠴᠢᠬᠡᠵᠡᠢ

ᠪᠠᠷᠰ ᠴᠠᠭ ᠤ᠋ᠨ ᠬᠡᠮᠵᠢᠶ᠎ᠡ ᠨᠢ ᠥᠩᠭᠡᠷᠡᠭᠡᠳ ᠯᠡ ᠢᠷᠡᠬᠦᠯ᠎ᠡ ᠠ ᠬᠠ ᠬᠦᠢ
ᠪᠠᠭᠠᠬᠠᠨ ᠲᠥᠷᠥᠭᠡᠳ ᠲᠡᠭᠡᠭᠰᠡᠨ ᠤᠭ᠌ᠶᠤᠨᠽᠠᠨᠳᠠᠨ ᠮᠢᠨᠢ ᠪᠣᠳᠣᠭᠳᠠᠭᠠᠳ ᠯᠠ ᠢᠷᠡᠨ᠎ᠡ ᠰᠢᠦ ᠬᠦᠢ
ᠪᠠᠭ᠎ᠠ ᠯᠠ ᠦᠳᠡ ᠶ᠋ᠢᠨ ᠨᠠᠷᠠᠨ ᠤ᠋ ᠬᠡᠮᠵᠢᠶ᠎ᠡ ᠨᠢ ᠥᠩᠭᠡᠷᠡᠭᠡᠳ ᠢᠷᠡᠴᠢᠬᠡᠬᠦᠯ᠎ᠡ
ᠪᠤᠳᠠᠭ᠎ᠠ ᠪᠣᠯᠤᠨ ᠤᠰᠤ ᠲᠠᠢ ᠬᠣᠶᠠᠭᠤᠯᠠ ᠶ᠋ᠢ ᠮᠠᠷᠲᠠᠴᠢᠬᠠᠵᠠᠢ ᠬᠡ ᠬᠡ ᠨᠢ ᠬᠦᠢ

ᠦᠬᠡᠷ ᠴᠠᠭ ᠤ᠋ᠨ ᠬᠡᠮᠵᠢᠶ᠎ᠡ ᠨᠢ ᠲᠤᠯᠤᠭᠠᠳ ᠢᠷᠡᠬᠦᠯ᠎ᠡ ᠠ ᠬᠠ ᠬᠦᠢ
ᠤᠷᠠᠯᠢᠭ ᠲᠥᠷᠥᠭᠰᠡᠨ ᠤᠭ᠌ᠶᠤᠨᠽᠠᠨᠳᠠᠨ ᠮᠢᠨᠢ ᠪᠣᠳᠣᠭᠳᠠᠭᠠᠳ ᠯᠠ ᠡᠬᠢᠯᠡᠨ᠎ᠡ
ᠦᠳᠡ ᠶ᠋ᠢᠨ ᠨᠠᠷᠠᠨ ᠤ᠋ ᠬᠡᠮᠵᠢᠶ᠎ᠡ ᠨᠢ ᠥᠩᠭᠡᠷᠡᠭᠡᠳ ᠢᠷᠡᠴᠢᠬᠡᠬᠦᠯ᠎ᠡ ᠬᠦᠢ
ᠤᠰᠤ ᠯᠠ ᠪᠣᠯᠤᠨ ᠪᠤᠳᠠᠭ᠎ᠠ ᠲᠠᠢ ᠬᠣᠶᠠᠭᠤᠯᠠ ᠶ᠋ᠢ ᠮᠠᠷᠲᠠᠴᠢᠬᠠᠵᠠᠢ ᠬᠡ ᠬᠡ ᠨᠢ ᠬᠦᠢ

ᠨᠠᠷᠠᠰᠤᠨ ᠮᠣᠳᠣ ᠯᠠ ᠭᠡᠳᠡᠭ ᠴᠢᠨᠢ ᠬᠦᠢ ᠨᠠᠷᠠᠨ ᠤ᠋ ᠪᠠᠨ ᠴᠢᠮᠡᠭ ᠠ ᠬᠠ ᠬᠦᠢ
ᠨᠠᠮᠠᠭ᠎ᠠ ᠯᠢᠩᠬᠤ᠎ᠠ ᠴᠡᠴᠡᠭ ᠬᠤᠸᠠᠷ ᠴᠢᠨᠢ ᠤᠰᠤᠨ ᠤ᠋ ᠪᠠᠨ ᠴᠢᠮᠡᠭ ᠬᠦᠢ
ᠨᠣᠮᠣᠬᠠᠨ ᠲᠥᠷᠥᠭᠰᠡᠨ ᠤᠭ᠌ᠶᠤᠨᠽᠠᠨᠳᠠᠨ ᠠᠩᠭ᠎ᠠ ᠴᠢᠨᠢ ᠳᠡ ᠠ ᠬᠠ ᠬᠦᠢ
ᠨᠠᠭᠠᠳᠴᠤ ᠢᠨᠢᠶᠡᠯᠴᠡᠭᠰᠡᠨ ᠦ᠌ ᠫᠢᠩ ᠬᠡ ᠬᠡ ᠶ᠋ᠢᠨ ᠵᠢᠷᠦᠬᠡᠨ ᠦ᠌ ᠪᠡᠨ ᠴᠢᠮᠡᠭ ᠬᠦᠢ

ᠽᠠᠨᠳᠠᠨ ᠮᠣᠳᠣ ᠯᠠ ᠭᠡᠳᠡᠭ ᠴᠢᠨᠢ ᠬᠦᠢ ᠰᠠᠷᠠᠨ ᠤ᠋ ᠪᠠᠨ ᠴᠢᠮᠡᠭ ᠠ ᠬᠠ ᠬᠦᠢ
ᠰᠠᠮᠠᠭ᠎ᠠ ᠯᠢᠩᠬᠤ᠎ᠠ ᠬᠤᠸᠠᠷ ᠯᠠ ᠴᠡᠴᠡᠭ ᠴᠢᠨᠢ ᠤᠰᠤᠨ ᠤ᠋ ᠪᠠᠨ ᠴᠢᠮᠡᠭ ᠬᠦᠢ
ᠰᠠᠢᠬᠠᠨ ᠲᠥᠷᠥᠭᠰᠡᠨ ᠤᠭ᠌ᠶᠤᠨᠽᠠᠨᠳᠠᠨ ᠠᠩᠭ᠎ᠠ ᠮᠢᠨᠢ ᠳᠡ ᠠ ᠬᠠ ᠬᠦᠢ
ᠰᠠᠨᠠᠵᠤ ᠯᠠ ᠪᠣᠳᠣᠭᠰᠠᠨ ᠤ᠋ ᠫᠢᠩ ᠬᠡ ᠬᠡ ᠶ᠋ᠢᠨ ᠢ᠋ᠶ᠋ᠡᠨ ᠵᠢᠷᠦᠬᠡᠨ ᠦ᠌ ᠪᠡᠨ ᠴᠢᠮᠡᠭ ᠬᠦᠢ

ᠤᠳᠠ ᠯᠠ ᠮᠣᠳᠣ ᠯᠠ ᠭᠡᠳᠡᠭ ᠴᠢᠨᠢ ᠬᠦᠢ ᠠᠭᠤᠯᠠᠨ ᠤ᠋ ᠪᠠᠨ ᠴᠢᠮᠡᠭ ᠠ ᠬᠠ ᠬᠦᠢ
ᠤᠳᠪᠠᠯᠠ ᠯᠢᠩᠬᠤ᠎ᠠ ᠴᠡᠴᠡᠭ ᠬᠤᠸᠠᠷ ᠴᠢᠨᠢ ᠬᠦᠢ ᠤᠰᠤᠨ ᠤ᠋ ᠪᠠᠨ ᠴᠢᠮᠡᠭ ᠪᠠ ᠬᠦᠢ
ᠤᠷᠠᠯᠢᠭ ᠲᠥᠷᠥᠭᠰᠡᠨ ᠤᠭ᠌ᠶᠤᠨᠽᠠᠨᠳᠠᠨ ᠠᠩᠭ᠎ᠠ ᠮᠢᠨᠢ ᠳᠡ ᠠ ᠬᠠ ᠬᠦᠢ
ᠦᠶᠡᠷᠬᠡᠵᠦ ᠰᠠᠭᠤᠭᠰᠠᠨ ᠤ᠋ ᠫᠢᠩ ᠬᠡ ᠬᠡ ᠶ᠋ᠢᠨ ᠢ᠋ᠶ᠋ᠡᠨ ᠵᠢᠷᠦᠬᠡᠨ ᠦ᠌ ᠬᠢᠨᠢ ᠴᠢᠮᠡᠭ ᠰᠢᠦ ᠬᠦᠢ

ᠬᠠᠢᠯᠠᠰᠤᠨ ᠮᠣᠳᠣ ᠯᠠ ᠭᠡᠳᠡᠭ ᠴᠢᠨᠢ ᠬᠦᠢ ᠬᠠᠰᠢᠶᠠᠨ ᠤ᠋ ᠪᠠᠨ ᠴᠢᠮᠡᠭ ᠠ ᠬᠠ ᠬᠦᠢ
ᠬᠠᠢᠲᠠᠩ ᠯᠢᠩᠬᠤ᠎ᠠ ᠴᠡᠴᠡᠭ ᠬᠤᠸᠠᠷ ᠴᠢᠨᠢ ᠬᠦᠢ
ᠤᠰᠤᠨ ᠤ᠋ ᠪᠠᠨ ᠴᠢᠮᠡᠭ ᠪᠠ ᠬᠦᠢ ᠬᠠᠢᠷᠠᠬᠠᠨ ᠲᠥᠷᠥᠭᠰᠡᠨ ᠤᠭ᠌ᠶᠤᠨᠽᠠᠨᠳᠠᠨ ᠠᠩᠭ᠎ᠠ ᠮᠢᠨᠢ ᠳᠡ ᠠ ᠬᠠ ᠬᠦᠢ
ᠬᠠᠢᠷᠠᠯᠠᠵᠤ ᠰᠠᠨᠠᠭᠰᠠᠨ ᠤ᠋ ᠫᠢᠩ ᠬᠡ ᠬᠡ ᠶ᠋ᠢᠨ ᠢ᠋ᠶ᠋ᠡᠨ ᠵᠢᠷᠦᠬᠡᠨ ᠦ᠌ ᠬᠢᠨᠢ ᠴᠢᠮᠡᠭ ᠰᠢᠦ ᠬᠦᠢ

ᠴᠢᠪᠠᠭ᠎ᠠ ᠶ᠋ᠢᠨ ᠮᠣᠳᠣ ᠯᠠ ᠭᠡᠳᠡᠭ ᠴᠢᠨᠢ ᠥᠷᠭᠡᠰᠦ ᠲᠡᠢ ᠰᠢᠦ ᠠ ᠶ᠋ᠢᠨ ᠫᠢᠩ ᠠ ᠬᠠ ᠬᠦᠢ
ᠴᠠᠭᠠᠭᠤᠷ ᠨᠠᠭᠠᠭᠤᠷ ᠭᠠᠷᠤᠭᠠᠳ ᠲᠡᠭᠡᠬᠦ ᠦᠶᠡᠰ ᠲᠦ᠍ ᠪᠡᠨ ᠴᠢᠩᠭᠠᠭᠠᠵᠤ ᠲᠠᠲᠠᠵᠤ ᠠᠪᠤᠨ᠎ᠠ ᠪᠠ ᠬᠦᠢ
ᠰᠠᠢᠬᠠᠨ ᠲᠥᠷᠥᠭᠰᠡᠨ ᠤᠭ᠌ᠶᠤᠨᠽᠠᠨᠳᠠᠨ ᠢ᠋ᠶ᠋ᠠᠨ ᠤᠷᠤᠭᠯᠠᠶ᠎ᠠ ᠯᠠ ᠭᠡᠳ ᠪᠣᠳᠣᠵᠤ ᠪᠠᠢᠭᠠᠳ
ᠴᠠᠭᠠᠨ ᠮᠥᠩᠭᠥᠨ ᠵᠣᠭᠣᠰ ᠢ᠋ ᠪᠡᠨ ᠡᠷᠲᠡ ᠲᠤᠰᠢᠶᠠᠬᠤ ᠦᠭᠡᠢ ᠶᠠᠭᠤ ᠪᠠᠨ ᠬᠢᠵᠦ ᠪᠠᠢᠨ᠎ᠠ ᠠ ᠬᠡ ᠬᠡ ᠬᠦᠢ

ᠦᠷᠢᠯ ᠦ᠋ᠨ ᠮᠣᠳᠣ ᠯᠠ ᠭᠡᠳᠡᠭ ᠴᠢᠨᠢ ᠬᠦᠢ ᠥᠷᠭᠡᠰᠦ ᠲᠡᠢ ᠰᠢᠦ ᠠ ᠶ᠋ᠢᠨ ᠫᠢᠩ ᠠ ᠬᠠ ᠬᠦᠢ
ᠡᠨᠡᠭᠦᠷ ᠲᠡᠨᠡᠭᠦᠷ ᠭᠠᠷᠤᠭᠠᠳ ᠲᠡᠭᠡᠬᠦ ᠶ᠋ᠢᠨ ᠦᠶᠡᠰ ᠲᠦ᠍ ᠪᠡᠨ ᠡᠯᠭᠦᠵᠦ ᠲᠠᠲᠠᠵᠤ ᠠᠪᠤᠨ᠎ᠠ ᠪᠠ ᠬᠦᠢ
ᠤᠷᠠᠯᠢᠭ ᠲᠥᠷᠥᠭᠰᠡᠨ ᠤᠭ᠌ᠶᠤᠨᠽᠠᠨᠳᠠᠨ ᠢ᠋ᠶ᠋ᠠᠨ ᠤᠷᠤᠭᠯᠠᠶ᠎ᠠ ᠯᠠ ᠭᠡᠳ ᠪᠣᠳᠣᠵᠤ ᠪᠠᠢᠭᠠᠳ
ᠤᠯᠠᠭᠠᠨ ᠮᠥᠩᠭᠥᠨ ᠵᠣᠭᠣᠰ ᠢ᠋ ᠪᠡᠨ ᠡᠷᠲᠡ ᠲᠤᠰᠢᠶᠠᠬᠤ ᠦᠭᠡᠢ ᠶᠠᠭᠤ ᠪᠠᠨ ᠬᠢᠵᠦ ᠪᠠᠢᠨ᠎ᠠ ᠠ ᠬᠡ ᠬᠡ ᠬᠦᠢ

ᠴᠢᠪᠠᠭ᠎ᠠ ᠶ᠋ᠢᠨ ᠮᠣᠳᠣ ᠶ᠋ᠢ ᠥᠷᠭᠡᠰᠦ ᠲᠡᠢ ᠶ᠋ᠢ ᠡᠷᠲᠡᠨ ᠡᠴᠡ ᠪᠡᠨ ᠮᠡᠳᠡᠬᠦ ᠶᠤᠮ ᠰᠢᠦ
ᠴᠠᠭᠠᠮᠠᠯ ᠳᠡᠪᠡᠯ ᠢ᠋ ᠪᠡᠨ ᠡᠮᠦᠰᠴᠢᠬᠡᠪᠡᠯ ᠬᠦᠢ ᠴᠢᠩᠭᠠᠭᠠᠵᠤ ᠲᠠᠲᠠᠵᠤ ᠴᠢᠳᠠᠬᠤ ᠦᠭᠡᠢ ᠪᠠ ᠬᠦᠢ
ᠰᠠᠢᠬᠠᠨ ᠲᠥᠷᠥᠭᠰᠡᠨ ᠤᠭ᠌ᠶᠤᠨᠽᠠᠨᠳᠠᠨ ᠢ᠋ᠶ᠋ᠠᠨ ᠬᠤᠷᠢᠮᠯᠠᠶ᠎ᠠ ᠯᠠ ᠭᠡᠳ ᠪᠣᠳᠣᠵᠤ ᠪᠠᠢᠪᠠᠴᠤ
ᠴᠠᠭᠠᠨ ᠮᠥᠩᠭᠥᠨ ᠵᠣᠭᠣᠰ ᠨᠢ ᠦᠭᠡᠢ ᠬᠦᠢ ᠶᠠᠭᠤ ᠶ᠋ᠢ ᠨᠢ ᠴᠢᠮ᠎ᠠ ᠳ᠋ᠤ᠌ ᠲᠤᠰᠢᠶᠠᠶ᠎ᠠ ᠳᠠ ᠬᠦᠢ

ᠦᠷᠢᠯ ᠦ᠋ᠨ ᠮᠣᠳᠣ ᠭᠡᠳᠡᠭ ᠥᠷᠭᠡᠰᠦ ᠲᠡᠢ ᠶ᠋ᠢ ᠡᠷᠲᠡᠨ ᠡᠴᠡ ᠪᠡᠨ ᠮᠡᠳᠡᠬᠦ ᠶᠤᠮ ᠰᠢᠦ ᠠ ᠬᠠ ᠬᠦᠢ
ᠦᠬᠡᠷ ᠦ᠋ᠨ ᠠᠷᠠᠰᠤᠨ ᠳᠡᠪᠡᠯ ᠢ᠋ ᠪᠡᠨ ᠡᠮᠦᠰᠪᠡᠯ ᠡᠯᠭᠦᠵᠦ ᠲᠠᠲᠠᠵᠤ ᠴᠢᠳᠠᠬᠤ ᠦᠭᠡᠢ ᠪᠠ ᠬᠦᠢ
ᠤᠷᠠᠯᠢᠭ ᠲᠥᠷᠥᠭᠰᠡᠨ ᠤᠭ᠌ᠶᠤᠨᠽᠠᠨᠳᠠᠨ ᠢ᠋ᠶ᠋ᠠᠨ ᠤᠷᠤᠭᠯᠠᠶ᠎ᠠ ᠭᠡᠳ ᠯᠡ ᠪᠣᠳᠣᠵᠤ ᠪᠠᠢᠪᠠᠴᠤ ᠠ
ᠤᠯᠠᠭᠠᠨ ᠮᠥᠩᠭᠥᠨ ᠵᠣᠭᠣᠰ ᠨᠢ ᠬᠡ ᠬᠡ ᠳ᠋ᠦ᠍ ᠨᠢ ᠦᠭᠡᠢ ᠶᠠᠭᠤ ᠪᠠᠨ ᠴᠢᠮ᠎ᠠ ᠳ᠋ᠤ᠌ ᠪᠠᠨ ᠲᠤᠰᠢᠶᠠᠶ᠎ᠠ ᠳᠠ ᠬᠦᠢ

ᠰᠠᠭᠠᠭ ᠤ᠋ᠨ ᠢ᠋ᠶ᠋ᠠᠨ ᠦᠷ᠎ᠡ ᠶᠣ᠌ ᠶ᠋ᠢ ᠰᠠᠴᠤᠵᠤ ᠰᠠᠴᠤᠭᠠᠳ ᠬᠠᠶᠠᠴᠢᠬᠠᠵᠠᠢ ᠠ ᠬᠠ ᠬᠦᠢ
ᠰᠠᠯᠠᠭᠠᠯᠠᠵᠤ ᠤᠷᠭᠤᠨ᠎ᠠ ᠤᠤ ᠬᠤᠸᠠᠷᠯᠠᠵᠤ ᠤᠷᠭᠤᠨ᠎ᠠ ᠤᠤ ᠰᠠᠭᠠᠭ ᠥᠪᠡᠷ ᠢ᠋ᠶ᠋ᠡᠨ ᠮᠡᠳᠡᠬᠦ ᠦᠭᠡᠢ ᠶᠣ᠌ ᠳᠠ ᠬᠦᠢ
ᠰᠠᠨᠠᠵᠤ ᠯᠠ ᠪᠣᠳᠣᠭᠰᠠᠨ ᠬᠡᠳᠦᠨ ᠦᠭᠡ ᠪᠡᠨ ᠬᠡ ᠬᠡ ᠴᠢᠮ᠎ᠠ ᠳ᠋ᠤ᠌ ᠪᠠᠨ ᠬᠡᠯᠡᠴᠢᠬᠡᠵᠡᠢ ᠠ ᠬᠠ ᠬᠦᠢ
ᠰᠠᠨᠠᠵᠤ ᠯᠠ ᠶᠠᠪᠤᠨ᠎ᠠ ᠤᠤ ᠰᠠᠨᠠᠬᠤ ᠦᠭᠡᠢ ᠪᠡᠷ ᠶᠠᠪᠤᠨ᠎ᠠ ᠤᠤ ᠬᠡ ᠬᠡ ᠥᠪᠡᠷ ᠢ᠋ᠶ᠋ᠡᠨ ᠮᠡᠳᠡᠬᠦ ᠦᠭᠡᠢ ᠶᠤ᠌ ᠳᠠ ᠬᠦᠢ

ᠪᠤᠷᠴᠠᠭ ᠤ᠋ᠨ ᠢ᠋ᠶ᠋ᠠᠨ ᠦᠷ᠎ᠡ ᠶᠣ᠌ ᠪᠠᠨ ᠪᠤᠲᠠᠷᠠᠭᠤᠯᠤᠭᠠᠳ ᠬᠠᠶᠠᠴᠢᠬᠠᠵᠠᠢ ᠠ ᠬᠠ ᠬᠦᠢ
ᠪᠤᠲᠠᠯᠠᠵᠤ ᠤᠷᠭᠤᠨ᠎ᠠ ᠤᠤ ᠪᠣᠳᠠᠯᠠᠬᠤ ᠦᠭᠡᠢ ᠪᠡᠷ ᠤᠷᠭᠤᠨ᠎ᠠ ᠤᠤ ᠪᠤᠷᠴᠠᠭ ᠥᠪᠡᠷ ᠢ᠋ᠶ᠋ᠡᠨ ᠮᠡᠳᠡᠬᠦ ᠦᠭᠡᠢ ᠶᠤ᠌ ᠳᠠ ᠬᠦᠢ
ᠪᠣᠳᠣᠭᠠᠳ ᠯᠠ ᠰᠠᠨᠠᠭᠰᠠᠨ ᠬᠡᠳᠦᠨ ᠦᠭᠡ ᠶ᠋ᠢ ᠪᠡᠨ ᠬᠡ ᠬᠡ ᠴᠢᠮ᠎ᠠ ᠳ᠋ᠤ᠌ ᠪᠠᠨ ᠬᠡᠯᠡᠴᠢᠬᠡᠵᠡᠢ ᠠ ᠬᠠ ᠬᠦᠢ
ᠪᠣᠳᠣᠵᠤ ᠯᠠ ᠶᠠᠪᠤᠨ᠎ᠠ ᠤᠤ ᠪᠣᠳᠣᠬᠤ ᠦᠭᠡᠢ ᠪᠡᠷ ᠶᠠᠪᠤᠨ᠎ᠠ ᠤᠤ ᠬᠡ ᠬᠡ ᠥᠪᠡᠷ ᠢ᠋ᠶ᠋ᠡᠨ ᠮᠡᠳᠡᠬᠦ ᠦᠭᠡᠢ ᠶᠣ᠌ ᠳᠠ ᠬᠦᠢ

   ※ ᠲᠡᠢ ᠪᠠᠢ ᠶ᠋ᠢᠨ ᠰᠢᠩ —  ᠴᠠᠭᠠᠨ ᠠᠯᠲᠠᠨ ᠭᠠᠷᠠᠭ᠂ ᠰᠠᠬᠢᠭᠤᠯᠰᠤᠨ ᠤ᠋ ᠨᠡᠷ᠎ᠡ᠂ 

    ᠦᠰᠦᠭ ᠬᠠᠲᠠᠭᠰᠠᠨ ᠨᠢ᠄  ᠠᠯᠲᠠᠨᠴᠡᠴᠡᠭ᠂ ᠡᠩᠬᠡᠮᠡᠨᠳᠦ 
    ᠦᠰᠦᠭ ᠠᠮᠢᠯᠠᠭᠤᠯᠤᠭᠰᠠᠨ᠄ ᠠᠯᠲᠠᠨᠴᠡᠴᠡᠭ᠂ ᠡᠩᠬᠡᠮᠡᠨᠳᠦ  
    ᠵᠢᠯᠣᠭᠣᠳᠤᠭᠰᠠᠨ ᠨᠢ᠄  ᠣᠯᠬᠣᠨᠤᠳ ᠠᠶᠤᠰᠢ 
    ᠬᠢᠨᠠᠭᠴᠢ᠄  ᠣᠳᠬᠠᠨᠰᠸ᠎ᠠ᠂  ᠤᠢᠭᠤᠷᠵᠢᠨ ᠤᠳᠬᠤᠨ᠂ ᠮᠡᠷᠭᠡᠨ᠂ ᠭᠠᠷᠮ᠎ᠠ 
     ᠳᠥᠭᠥᠮ ᠬᠠᠲᠠᠮᠠᠯ ᠴᠤᠭᠯᠠᠷᠠᠯ ᠨᠠᠢᠷᠠᠭᠤᠯᠪᠠ