ᠮᠥᠷᠥᠭᠡᠳᠦᠯ -ᠠᠯᠲᠠᠨ ᠤᠷᠤᠭМөрөөдөл-Алтан ураг
ᠮᠥᠷᠥᠭᠡᠳᠦᠯ
ᠦᠭᠡ᠄ ᠴ· ᠭᠣᠨᠴᠣᠭ
ᠠᠶ᠎ᠠ᠄ ᠪ· ᠡᠷᠳᠡᠨᠢᠪᠠᠲᠤ᠂ ᠠᠯᠲᠠᠨ ᠤᠷᠤᠭ
ᠳᠠᠭᠤᠴᠢᠨ᠄ ᠠᠯᠲᠠᠨ ᠤᠷᠤᠭ ᠠ᠊᠂ ᠴᠡᠴᠡ -ᠣᠶᠣᠨ
ᠬᠥᠬᠡ ᠲᠩᠷᠢ ᠶ᠋ᠢᠨ ᠡᠭᠦᠯᠡᠰ ᠨᠢ ᠠ᠋
ᠬᠥᠪᠥᠩ ᠰᠢᠬᠢᠷ ᠰᠢᠭ ᠠᠮᠲᠠᠲᠠᠢ ᠤᠤ
ᠲᠠᠪᠢᠨ ᠨᠢᠰᠳᠡᠭ ᠰᠢᠪᠠᠭᠤ ᠨᠤᠭᠤᠳ
ᠲᠩᠳᠡᠭᠡᠭᠡᠢ ᠳ᠋ᠦ᠍ ᠪᠡᠨ ᠥᠭᠳᠡᠭ ᠤᠤ᠃
ᠮᠥᠩᠬᠡ ᠴᠠᠰᠤ ᠲᠠᠢ ᠠᠭᠤᠯᠠᠰ ᠨᠢ ᠠ᠋
ᠮᠥᠬᠥᠭᠡᠯᠳᠡᠰᠦ ᠰᠢᠭ ᠢ᠋ᠶ᠋ᠡᠨ ᠠᠮᠲᠠᠲᠠᠢ ᠤᠤ
ᠡᠷᠢᠶᠡᠨ ᠴᠣᠬᠣᠷ ᠢᠷᠪᠢᠰ ᠨᠢ
ᠡᠷᠬᠡ ᠭᠦᠶᠦᠨ( ᠢᠷᠪᠢᠰ ᠦ᠋ᠨ ᠵᠤᠯᠵᠠᠭ᠎ᠠ ) ᠳ᠋ᠤ᠌ ᠪᠠᠨ ᠥᠭᠳᠡᠭ ᠤᠤ᠃
ᠬᠦᠷᠴᠦ ᠦᠵᠡᠮᠡᠷ ᠰᠣᠨᠢᠬᠠᠨ ᠵᠦᠢᠯᠡᠰ
ᠬᠥᠪᠴᠢᠨ ᠳᠡᠯᠡᠬᠡᠢ ᠳ᠋ᠦ᠍ ᠨᠢ ᠣᠯᠠᠨ ᠶᠤᠮ
ᠠᠮᠰᠠᠵᠤ ᠦᠵᠡᠮᠡᠷ ᠠᠮᠲᠠᠲᠠᠨ
ᠠᠯᠲᠠᠨ ᠳᠡᠯᠡᠬᠡᠢ ᠪᠡᠷ ᠳᠦᠭᠦᠷᠡᠩ ᠶᠦᠮ᠃
ᠰᠤᠪᠤᠳ ᠤ᠋ᠨ ᠪᠣᠷᠣᠭᠠᠨ ᠤ᠋ ᠰᠣᠯᠣᠩᠭ᠎ᠠ
ᠰᠤᠨᠳᠠᠭ ᠰᠢᠬᠢᠷ ᠰᠢᠭ ᠠᠮᠲᠠᠲᠠᠢ ᠤᠤ
ᠠᠯᠠᠭ ᠳᠠᠯᠠᠪᠴᠢ ᠲᠠᠢ ᠡᠷᠪᠡᠬᠡᠢ
ᠠᠪᠠᠭᠠᠯᠳᠠᠢ ᠳ᠋ᠤ᠌ ᠪᠠᠨ ᠥᠭᠳᠡᠭ ᠤᠤ᠃
ᠬᠦᠷᠴᠦ ᠦᠵᠡᠮᠡᠷ ᠰᠣᠨᠢᠬᠠᠨ ᠵᠦᠢᠯᠡᠰ
ᠬᠥᠪᠴᠢᠨ ᠳᠡᠯᠡᠬᠡᠢ ᠳ᠋ᠦ᠍ ᠨᠢ ᠣᠯᠠᠨ ᠶᠤᠮ
ᠠᠮᠰᠠᠵᠤ ᠦᠵᠡᠮᠡᠷ ᠠᠮᠲᠠᠲᠠᠨ
ᠠᠯᠲᠠᠨ ᠳᠡᠯᠡᠬᠡᠢ ᠪᠡᠷ ᠳᠦᠭᠦᠷᠡᠩ ᠶᠦᠮ᠃
ᠬᠦᠷᠴᠦ ᠦᠵᠡᠮᠡᠷ ᠰᠣᠨᠢᠬᠠᠨ ᠵᠦᠢᠯᠡᠰ
ᠬᠥᠪᠴᠢᠨ ᠳᠡᠯᠡᠬᠡᠢ ᠳ᠋ᠦ᠍ ᠨᠢ ᠣᠯᠠᠨ ᠶᠤᠮ
ᠠᠮᠰᠠᠵᠤ ᠦᠵᠡᠮᠡᠷ ᠠᠮᠲᠠᠲᠠᠨ
ᠠᠯᠲᠠᠨ ᠳᠡᠯᠡᠬᠡᠢ ᠪᠡᠷ ᠳᠦᠭᠦᠷᠡᠩ ᠶᠦᠮ᠃
ᠦᠰᠦᠭ ᠬᠠᠳᠠᠭᠴᠢ᠄ ᠰᠠᠴᠠᠡᠬᠡᠷᠠᠯ
ᠦᠰᠦᠭ ᠠᠮᠢᠯᠠᠭᠤᠯᠤᠭᠴᠢ᠄ ᠰᠠᠴᠠᠡᠭᠡᠷᠠᠯ
ᠬᠢᠨᠠᠭᠴᠢ ᠪᠠᠭᠰᠢ᠄ ᠮᠠᠨᠳᠠᠷᠠᠸ᠎ᠠ