ᠭᠡᠭᠡᠷᠡᠯ-ᠱᠠᠨᠲ᠋ᠢᠳᠢᠸ᠋᠎ᠠ ᠭᠡᠭᠡᠨ ᠦ ᠰᠤᠷᠭᠠᠯШантидэва Гэгээний Сургаал Гэгээрэл
ᠭᠡᠭᠡᠷᠡᠯ
ᠱᠠᠨᠲ᠋ᠢᠳᠢᠸᠠ ᠭᠡᠭᠡᠨᠲᠡᠨ ᠦ᠌ ᠰᠤᠷᠭᠠᠯ
ᠨᠢᠭᠡ ᠯᠡ ᠪᠠᠢᠭᠠᠯᠢ ᠪᠦᠬᠦᠢ ᠶᠠᠭᠤᠮᠠᠰ ᠲᠤ᠌ ᠬᠤᠪᠢᠯᠤᠨ ᠪᠥᠵᠢᠨᠡᠮ
ᠨᠢᠭᠡ ᠯᠡ ᠦᠨᠡᠨ ᠪᠦᠬᠦᠢ ᠣᠷᠴᠢᠯᠠᠩ ᠳ᠋ᠤ᠌ ᠠᠶᠠᠯᠠᠨ ᠵᠤᠭᠠᠴᠠᠨᠠᠮ
ᠨᠢᠭᠡ ᠯᠡ ᠰᠠᠷᠠᠨ ᠴᠥᠭᠥᠷᠥᠮ ᠪᠦᠬᠦᠨ ᠳ᠋ᠦ᠍ ᠳᠠᠭᠤ ᠦᠭᠡᠢᠬᠡᠨ ᠱᠤᠮᠪᠠᠨᠠᠮ
ᠨᠢᠭᠡ ᠯᠡ ᠪᠣᠳ᠋ᠳ᠋ᡁᠨ ᠵᠢᠷᠦᠬᠡ ᠪᠦᠬᠦᠨ ᠳ᠋ᠦ᠍ ᠠᠨᠢᠷ ᠦᠭᠡᠢᠬᠡᠨ ᠵᠠᠯᠠᠷᠠᠨᠠᠮ
ᠣᠭᠲᠠᠷᠭᠤᠢ ᠬᠣᠭᠣᠰᠣᠨ ᠠᠮᠢᠳᠤᠷᠠᠯ ᠠ᠋ᠴᠠ ᠬᠥᠮᠦᠨ ᠦ᠌ ᠣᠷᠴᠢᠯᠠᠩ ᠳ᠋ᠧᠪᠠᠵᠠᠨ ᠳ᠋ᠤ᠌ ᠪᠢᠳᠡ ᠡᠨᠡᠬᠦ ᠭᠠᠢᠬᠠᠮᠰᠢᠭᠲᠤ ᠪᠦᠲᠦᠭᠡᠯ ᠦ᠋ᠨ ᠲᠠᠢᠯᠪᠤᠷᠢ ᠶ᠋ᠢ ᠲᠠᠨ ᠦ᠌ ᠰᠣᠨᠣᠷ ᠲᠤ᠌ ᠬᠦᠷᠭᠡᠵᠦ ᠪᠠᠢᠭ᠎ᠠ ᠳ᠋ᠠᠭᠠᠨ ᠪᠠᠶᠠᠷ ᠲᠠᠢ ᠪᠠᠢᠨ᠎ᠠ᠃
ᠨᠡᠢᠲᠡ ᠶ᠋ᠢᠨ ᠣᠨ ᠲᠣᠭᠠᠯᠠᠯ ᠤ᠋ᠨ ᠳᠣᠯᠣᠭ᠎ᠠ ᠠ᠋ᠴᠠ ᠨᠠᠢ᠍ᠮᠠᠳᠤᠭᠠᠷ ᠵᠠᠭᠤᠨ ᠤ᠋ ᠦᠶ᠎ᠡ ᠳ᠋ᠦ᠍ ᠠᠮᠢᠳᠤᠷᠠᠵᠤ ᠪᠠᠢᠭᠰᠠᠨ ᠱᠠᠨᠲ᠋ᠢᠳᠢᠸᠠ ᠭᠡᠭᠡᠨ ᠡᠨᠡᠬᠦ ᠭᠠᠢᠬᠠᠮᠰᠢᠭᠲᠤ ᠨᠣᠮ ᠢ᠋ ᠵᠣᠬᠢᠶᠠᠵᠠᠢ᠃ᠲᠡᠷᠡ ᠪᠡᠷ ᠬᠠᠭᠠᠨ ᠡᠴᠢᠭᠡ ᠪᠡᠨ ᠥᠭᠡᠳᠡ ᠪᠣᠯᠤᠭᠰᠠ ᠤ᠋ ᠳᠠᠷᠠᠭ᠎ᠠ᠂ᠡᠵᠡᠨ ᠬᠠᠭᠠᠨ ᠤ᠋ ᠰᠠᠭᠤᠳᠠᠯ ᠳ᠋ᠤ᠌ ᠵᠠᠯᠠᠷᠠᠬᠤ ᠶ᠋ᠢᠨ ᠤᠷᠢᠳᠤ ᠰᠥᠨᠢ ᠣᠷᠳᠣᠨ ᠠ᠋ᠴᠠ ᠰᠠᠮ ᠤᠷᠭᠤᠵᠤ᠂ᠶᠡᠬᠡ ᠭᠦᠯᠭᠡᠨ ᠦ᠌ ᠲᠥᠪ ᠪᠣᠯᠤᠭᠰᠠᠨ ᠠᠯᠳᠠᠷᠲᠤ ᠨᠠᠯᠠᠨᠳᠠ(ᠨᠠᠯᠢᠨᠳ᠋ᠠᠷᠡ)ᠬᠡᠢᠳ ᠲᠦ᠍ ᠰᠠᠬᠢᠯ ᠬᠦᠷᠲᠡᠨ ᠱᠠᠪᠢᠯᠠᠨ ᠰᠠᠭᠤᠵᠠᠢ᠃
ᠪᠤᠰᠤᠳ ᠬᠤᠸᠠᠷᠠᠭ ᠤ᠋ᠳ ᠡᠳᠦᠷ ᠰᠥᠨᠢ ᠦᠭᠡᠢ ᠤᠩᠰᠢᠵᠤ᠂ᠰᠤᠳᠤᠯᠵᠤ᠂ᠮᠡᠳᠬᠡᠯᠴᠡᠵᠦ ᠪᠠᠢᠬᠤ ᠳ᠋ᠤ᠌ ᠱᠠᠨᠲ᠋ᠢᠳᠢᠸᠠ ᠤᠨᠲᠠᠬᠤ᠂ᠢᠳᠡᠬᠦ᠂ᠪᠡᠶ᠎ᠡ ᠵᠠᠰᠠᠬᠤ ᠠ᠋ᠴᠠ ᠥᠭᠡᠷ᠎ᠡ ᠵᠦᠢᠯ ᠢ᠋ ᠬᠢᠳᠡᠭ ᠦᠭᠡᠢ ᠪᠠᠢᠯ᠎ᠠ᠃ᠬᠢᠳᠡᠭ ᠭᠤᠷᠪᠠᠨ ᠦᠢᠯᠡ ᠪᠡᠷ ᠨᠢ ᠬᠣᠯᠪᠣᠵᠤ《ᠪᡁᠤᠰᠤᠬᠦ》ᠭᠡᠮᠡᠨ ᠲᠡᠭᠦᠨ ᠢ᠋ ᠬᠣᠴᠢᠯᠠᠬᠤ ᠪᠣᠯᠤᠭᠰᠠᠨ ᠭᠡᠳᠡᠭ᠃ᠵᠠᠷᠢᠮ ᠶᠠᠭᠰᠢᠷᠠᠮᠠᠯ ᠦᠵᠡᠯ ᠲᠡᠢ ᠯᠠᠮᠠ ᠨᠠᠷ
ᠪᡁᠰᠤᠬᠦ ᠶ᠋ᠢ ᠠᠳᠠ ᠦᠵᠡᠵᠦ ᠬᠡᠢᠳ ᠡᠴᠡ ᠬᠥᠭᠡᠭᠡᠬᠦ ᠶ᠋ᠢ ᠬᠦᠰᠡᠵᠡᠢ᠃ᠨᠠᠯᠠᠨᠳ᠋ᠠ ᠶ᠋ᠢᠨ ᠬᠡᠢᠳ ᠲᠦ᠍ ᠨᠣᠮᠴᠢ ᠯᠠᠮᠠ ᠨᠠᠷ ᠡᠭᠡᠯᠵᠢ ᠡᠭᠡᠯᠵᠢ ᠪᠡᠷ ᠪᠤᠳ᠋ᠳ᠋ᠾᠠ ᠶ᠋ᠢᠨ ᠰᠤᠳᠤᠷ ᠢ᠋ ᠣᠯᠠᠨ ᠨᠡᠢᠲᠡ ᠶ᠋ᠢᠨ ᠡᠮᠦᠨ᠎ᠡ ᠤᠩᠰᠢᠵᠤ ᠲᠠᠢᠯᠪᠤᠷᠢᠯᠠᠳᠠᠭ ᠤᠯᠠᠮᠵᠢᠯᠠᠯ ᠲᠠᠢ ᠪᠠᠢᠯ᠎ᠠ
᠃ᠬᠠᠭᠠᠨ ᠤ᠋ ᠠᠭᠡ ᠶ᠋ᠢ ᠵᠦᠭᠡᠷ ᠨᠢᠭᠡ ᠬᠥᠭᠡᠭᠡᠴᠢᠬᠡᠵᠦ ᠪᠣᠯᠬᠤ ᠦᠭᠡᠢ ᠪᠣᠯᠬᠣᠷ᠂ᠠᠶ᠎ᠠ ᠶ᠋ᠢᠨ ᠰᠢᠯᠲᠠᠭ ᠭᠠᠷᠭᠠᠵᠤ᠂ᠨᠢᠭᠡ ᠡᠭᠡᠯᠵᠢᠨ ᠳ᠋ᠦ᠍ ᠨᠢ ᠱᠠᠨᠲ᠋ᠢᠳᠢᠸᠠ ᠶ᠋ᠢ ᠭᠠᠷᠭᠠᠬᠤ ᠪᠠᠷ ᠪᠣᠯᠵᠤ ᠭᠡᠨ᠎ᠡ᠃ᠬᠠᠷᠠᠩᠭᠤᠢ ᠮᠤᠩᠬᠠᠭ ᠢ᠋ ᠨᠢ ᠣᠯᠠᠨ ᠬᠥᠮᠦᠨ ᠢᠶᠡᠷ ᠭᠡᠷᠡᠴᠢᠯᠡᠭᠦᠯᠬᠦ ᠪᠡᠷ ᠪᠣᠯᠤᠭᠰᠠᠨ ᠶᠤᠮ ᠪᠠᠢᠵᠠᠢ᠃ᠥᠪᠡᠷ ᠢ᠋ᠶ᠋ᠡᠨ ᠳᠤᠷᠠᠮᠵᠢᠬᠠᠨ ᠪᠠᠢᠭᠰᠠᠨ ᠴᠤ᠌ ᠪᠤᠴᠠᠬᠤ ᠠᠷᠭ᠎ᠠ ᠦᠭᠡᠢ ᠱᠠᠭᠠᠷᠳᠠᠯᠭ᠎ᠠ ᠠ᠋ᠴᠠ ᠪᠣᠯᠵᠤ ᠱᠠᠨᠲ᠋ᠢᠳᠢᠸᠠ ᠨᠣᠮᠴᠢ ᠶ᠋ᠢᠨ ᠰᠠᠭᠤᠳᠠᠯ ᠳ᠋ᠤ᠌ ᠰᠠᠭᠤᠭᠠᠳ᠄《ᠪᠤᠰᠤᠳ ᠤ᠋ᠨ ᠪᠦᠲᠦᠭᠡᠯ ᠢ᠋ ᠶᠠᠷᠢᠬᠤ ᠤᠤ?ᠥᠪᠡᠷ ᠦ᠋ᠨ ᠬᠢ ᠪᠡᠨ ᠶᠠᠷᠢᠬᠤ ᠤᠤ?》ᠭᠡᠵᠦ ᠠᠰᠠᠭᠤᠬᠤ ᠳ᠋ᠤ᠌ ᠨᠢ ᠲᠤᠬᠤᠭᠤᠷᠬᠤ ᠠᠶᠠᠰ ᠢ᠋ᠶ᠋ᠠᠷ《ᠥᠪᠡᠷ ᠦ᠋ᠨ ᠬᠢᠨᠢ ᠪᠦᠲᠦᠭᠡᠯ ᠢ᠋ ᠰᠣᠨᠣᠰᠤᠶ᠎ᠠ!》ᠭᠡᠵᠡᠭᠡᠯ᠎ᠡ᠃ᠲᠡᠷᠡ ᠦᠶ᠎ᠡ ᠳ᠋ᠦ᠍ ᠱᠠᠨᠲ᠋ᠢᠳᠢᠸᠠ᠄《ᠦᠨᠡᠮᠯᠡᠬᠦᠢ ᠴᠢᠨᠠᠷ ᠢ᠋ ᠡᠵᠡᠩᠨᠡᠨ ᠣᠷᠣᠰᠢᠭᠰᠠᠨ ᠪᠤᠷᠬᠠᠳ ᠪᠣᠳᠢᠰᠠᠳ᠋ᠸ᠎ᠠ ᠶ᠋ᠢᠨ ᠥᠯᠮᠡᠢ ᠳ᠋ᠦ᠍ ᠮᠥᠷᠭᠥᠶ᠎ᠡ᠂ᠦᠨᠡᠨ ᠦ᠌ ᠵᠠᠮ ᠳ᠋ᠤ᠌ ᠲᠦᠰᠢᠶ᠎ᠡ ᠪᠣᠯᠤᠭᠰᠠᠨ ᠬᠡᠨ ᠪᠦᠬᠦᠨ ᠢ᠋ ᠳᠡᠭᠡᠳᠦᠯᠡᠨ ᠪᠢᠰᠢᠷᠡᠶ᠎ᠡ》ᠭᠡᠮᠡᠨ ᠬᠡᠯᠡᠵᠦ᠂ᠶᠡᠬᠡ ᠭᠦᠯᠭᠡᠨ ᠦ᠌ ᠭᠡᠭᠡᠷᠡᠯ ᠦ᠋ᠨ ᠵᠠᠮ ᠢ᠋ ᠣᠢ ᠲᠣᠢᠨ ᠳ᠋ᠤ᠌ ᠪᠠᠭᠤᠲᠠᠯ᠎ᠠ ᠡᠩ ᠦᠭᠡᠢ ᠠᠢᠯᠠᠳᠤᠵᠠᠢ᠃
ᠲᠡᠷᠡ ᠪᠡᠷ ᠬᠣᠭᠣᠰᠣᠨ ᠴᠢᠨᠠᠷ ᠢ᠋ ᠲᠠᠢᠯᠪᠤᠷᠢᠯᠠᠬᠤ ᠳ᠋ᠠᠭᠠᠨ᠄《ᠰᠠᠭᠤᠷᠢᠨ ᠪᠠᠷᠢᠬᠤ ᠶᠠᠭᠤ ᠴᠤ᠌ ᠦᠭᠡᠢ ᠶ᠋ᠢ ᠰᠦᠰᠦᠭᠯᠡᠨ ᠲᠠᠨᠢᠭᠰᠠᠨ ᠪᠢᠯᠢᠭ ᠦ᠋ᠨ ᠪᠤᠶᠠᠨ ᠢ᠋ᠶ᠋ᠠᠷ ᠵᠠᠭᠤᠷᠠᠳᠤ ᠶ᠋ᠢᠨ ᠤᠴᠢᠷ ᠠ᠋ᠴᠠ ᠡᠨᠡᠯᠦᠭᠰᠡᠨ ᠪᠦᠬᠦᠨ ᠳ᠋ᠦ᠍ ᠬᠣᠭᠣᠰᠣᠨ ᠴᠢᠨᠠᠷ ᠢ᠋ ᠦᠵᠡᠭᠦᠯᠰᠦ ᠪᠢ!》ᠭᠡᠮᠡᠨ ᠰᠠᠭᠤᠳᠠᠯ ᠠ᠋ᠴᠠ ᠪᠠᠨ ᠠᠭᠠᠷ ᠲᠤ᠌ ᠬᠥᠭᠡᠷᠦᠭᠰᠡᠨ ᠭᠡᠮᠡᠨ ᠳᠣᠮᠣᠭ ᠲᠡᠦᠬᠡᠨ ᠳ᠋ᠦ᠍ ᠥᠭᠦᠯᠡᠳᠡᠭ᠃
ᠡᠭᠦᠨ ᠡᠴᠡ ᠰᠡᠳᠦᠪᠯᠡᠨ ᠱᠠᠨᠲ᠋ᠢᠳᠢᠸᠠ ᠭᠡᠭᠡᠨ ᠦ᠌ ᠬᠥᠷᠥᠭ ᠢ᠋ ᠠᠭᠠᠷ ᠲᠤ᠌ ᠵᠠᠪᠢᠯᠤᠭᠰᠠᠨ ᠪᠠᠢᠳᠠᠯ ᠢ᠋ᠶ᠋ᠠᠷ ᠪᠦᠲᠦᠭᠡᠵᠦ ᠢᠷᠡᠵᠡᠢ᠃ᠡᠨᠡ ᠨᠣᠮ ᠢ᠋ ᠰᠣᠨᠣᠰᠤᠭᠠᠳ ᠨᠠᠯᠠᠨᠳᠠ ᠬᠡᠢᠳ ᠦ᠋ᠨ ᠬᠤᠸᠠᠷᠠᠭ ᠤ᠋ᠳ ᠲᠡᠭᠦᠨ ᠢ᠋ ᠵᠠᠢᠯᠠᠰᠢ ᠦᠭᠡᠢ ᠭᠤᠷᠪᠠᠨ ᠦᠢᠯᠡ ᠡᠴᠡ ᠪᠤᠰᠤᠳ ᠪᠦᠬᠦᠢᠯᠡ ᠴᠠᠭ ᠮᠥᠴᠡ ᠪᠡᠨ ᠳᠣᠲᠣᠭᠠᠳᠤ ᠰᠠᠮᠠᠳᠢ ᠪᠢᠰᠢᠯᠭᠠᠯ ᠳ᠋ᠤ᠌ ᠵᠣᠷᠢᠭᠤᠯᠵᠤ ᠪᠠᠢᠭᠰᠠᠨ ᠢ᠋ ᠨᠢ ᠰᠠᠶᠢ ᠣᠢᠯᠠᠭᠠᠵᠠᠢ᠃ᠡᠨᠡᠳᠬᠡᠭ ᠦ᠋ᠨ ᠨᠠᠶᠠᠨ ᠳᠥᠷᠪᠡᠨ ᠰᠢᠳᠢᠲᠡᠨ ᠦ᠌ ᠨᠢᠭᠡ ᠪᡁᠰᠤᠬᠦ᠂ᠨᠡᠢᠲᠡ ᠶ᠋ᠢᠨ ᠶᠣᠰᠣᠨ ᠳ᠋ᠤ᠌ ᠲᠥᠪ ᠦᠵᠡᠯ ᠦ᠋ᠨ ᠶᠡᠬᠡ ᠣᠨᠣᠯᠴᠢ᠂ᠪᠣᠳᠢ ᠰᠡᠳᠬᠢᠯ ᠦ᠋ᠨ ᠪᠢᠰᠢᠯᠭᠠᠯ ᠤ᠋ᠨ ᠤᠯᠠᠮᠵᠢᠯᠠᠯ ᠤ᠋ᠨ ᠪᠠᠭᠰᠢ ᠱᠠᠨᠲ᠋ᠢᠳᠢᠸᠠ ᠭᠡᠮᠡᠨ ᠮᠥᠩᠬᠡᠷᠡᠭᠰᠡᠨ ᠢ᠋ᠶ᠋ᠡᠷ ᠪᠠᠷᠠᠬᠤ ᠦᠭᠡᠢ᠂ᠲᠡᠭᠦᠨ ᠦ᠌ ᠡᠨᠡᠬᠦ ᠪᠦᠲᠦᠭᠡᠯ ᠢ᠋ ᠥᠨᠥᠳᠥᠷ ᠳᠡᠯᠡᠬᠡᠢ ᠳ᠋ᠠᠬᠢᠨ ᠳ᠋ᠤ᠌ ᠲᠠᠨᠢᠯᠴᠠᠭᠤᠯᠵᠤ᠂ᠰᠠᠶ᠎ᠠ ᠰᠠᠶ᠎ᠠ ᠬᠥᠮᠦᠨ ᠢ᠋ ᠠᠷᠢᠭᠤᠰᠤᠯ᠂ᠤᠬᠠᠭᠠᠷᠠᠯ᠂ᠠᠮᠤᠷ ᠠᠮᠤᠭᠤᠯᠠᠩ ᠳ᠋ᠤ᠌ ᠬᠥᠲᠥᠯᠦᠭᠰᠡᠭᠡᠷ ᠪᠠᠢᠨ᠎ᠠ᠃ᠰᠡᠳᠬᠢᠯ ᠠᠷᠢᠭᠤᠨ ᠪᠣᠯ ᠶᠢᠷᠲᠢᠨᠴᠦ ᠠᠷᠢᠭᠤᠨ ᠭᠡᠳᠡᠭ᠂ ᠰᠡᠳᠬᠢᠯ ᠦ᠋ᠨ ᠠᠷᠢᠭᠤᠰᠤᠯ ᠳ᠋ᠤ᠌ ᠬᠠᠮᠲᠤ ᠳ᠋ᠠᠭᠠᠨ ᠤᠮᠪᠠᠵᠠᠭᠠᠶᠠ!
ᠪᠣᠳᠢᠰᠠᠳ᠋ᠸ᠎ᠠ ᠶ᠋ᠢᠨ ᠵᠠᠮ ᠮᠥᠷ
ᠪᠤᠷᠬᠠᠨ᠂ᠪᠤᠷᠬᠠᠨ ᠤ᠋ ᠨᠣᠮ᠂ᠪᠤᠷᠬᠠᠨ ᠤ᠋ ᠱᠠᠪᠢ ᠭᠤᠷᠪᠠ ᠶ᠋ᠢ ᠭᠤᠷᠪᠠᠨ ᠡᠷᠳᠡᠨᠢ ᠭᠡᠬᠦ ᠠᠭᠠᠳ ᠡᠨᠡ ᠭᠤᠷᠪᠠ ᠳ᠋ᠤ᠌ ᠢᠳᠡᠭᠡᠨ ᠪᠢᠰᠢᠷᠡᠭᠴᠢ ᠶ᠋ᠢ ᠭᠡᠭᠡᠷᠡᠯ ᠦ᠋ᠨ ᠱᠠᠰᠢᠨ ᠲᠠᠢ ᠭᠡᠳᠡᠭ᠃ᠲᠡᠭᠦᠰ ᠭᠡᠭᠡᠷᠡᠯ ᠳ᠋ᠦ᠍ ᠬᠦᠷᠬᠦ ᠪᠣᠳᠢᠰᠠᠳ᠋ᠸ᠎ᠠ ᠶ᠋ᠢᠨ ᠵᠠᠮ ᠮᠥᠷ ᠢ᠋ ᠪᠤᠷᠬᠠᠨ ᠪᠠᠭᠰᠢ ᠵᠢᠷᠭᠤᠭᠠᠨ ᠪᠠᠷᠠᠮᠢᠳ ᠲᠤ᠌ ᠲᠣᠪᠴᠢᠯᠠᠨ ᠰᠤᠷᠭᠠᠵᠠᠢ᠃ᠪᠠᠷᠠᠮᠢᠳ ᠨᠢ ᠴᠢᠨᠠᠳᠤ ᠳ᠋ᠤ᠌ ᠬᠦᠷᠬᠦ ᠭᠡᠰᠡᠨ ᠤᠳᠬ᠎ᠠ ᠶ᠋ᠢ ᠢᠯᠡᠷᠬᠡᠢᠯᠡᠳᠡᠭ᠃
ᠵᠢᠷᠭᠤᠭᠠᠨ ᠪᠠᠷᠠᠮᠢᠳ ᠨᠢ᠄ᠥᠭᠯᠢᠭᠡ᠂ᠶᠣᠰᠣ ᠰᠤᠷᠲᠠᠬᠤᠨ᠂ᠬᠦᠯᠢᠴᠡᠯ᠂ᠬᠢᠴᠢᠶᠡᠯ᠂ᠪᠢᠰᠢᠯᠭᠠᠯ᠂ᠪᠢᠯᠢᠭ ᠤᠬᠠᠭᠠᠨ ᠶᠤᠮ᠃ᠠᠯᠢᠪᠠ ᠶ᠋ᠢ ᠥᠮᠴᠢᠯᠡᠬᠦ ᠰᠡᠳᠬᠢᠯ ᠡᠴᠡ ᠠᠩᠭᠢᠵᠢᠷᠠᠬᠤ ᠨᠢ ᠥᠭᠯᠢᠭᠡ᠃ᠪᠤᠰᠤᠳ ᠢ᠋ ᠪᠡᠶ᠎ᠡ᠂ᠬᠡᠯᠡ᠂ᠰᠡᠳᠬᠢᠯ ᠭᠤᠷᠪᠠ ᠪᠠᠷ ᠬᠣᠣᠷᠯᠠᠨ ᠬᠥᠨᠥᠭᠡᠬᠦ ᠶ᠋ᠢ ᠴᠡᠭᠡᠷᠯᠡᠬᠦ ᠨᠢ ᠶᠣᠰᠣ ᠰᠤᠷᠲᠠᠬᠤᠨ ᠶᠤᠮ᠃ᠠᠮᠢᠳᠤᠷᠠᠯ ᠤ᠋ᠨ ᠲᠠᠭᠠᠲᠠᠢ᠂ᠳᠠᠭ᠎ᠠ ᠦᠭᠡᠢ ᠤᠴᠠᠷᠠᠯ ᠪᠦᠷᠢ ᠶ᠋ᠢ ᠢᠯᠭᠠᠯ ᠦᠭᠡᠢ ᠬᠦᠯᠢᠶᠡᠵᠦ ᠠᠪᠬᠤ ᠶ᠋ᠢ ᠬᠦᠯᠢᠴᠡᠯ ᠬᠡᠮᠡᠨ᠎ᠡ᠃ᠪᠣᠳᠣᠯ ᠤ᠋ᠨ ᠪᠣᠭᠣᠯ ᠪᠣᠯᠣᠯ ᠦᠭᠡᠢ ᠪᠣᠳᠣᠵᠤ᠂ᠬᠦᠰᠡᠯ ᠦ᠋ᠨ ᠪᠣᠭᠣᠯ ᠪᠣᠯᠣᠯ ᠦᠭᠡᠢ ᠲᠠᠭᠠᠰᠢᠶᠠᠨ ᠰᠤᠷᠬᠤ ᠨᠢ ᠪᠢᠰᠢᠯᠭᠠᠯ᠃ᠶᠠᠭᠤᠮᠠᠰ ᠦᠵᠡᠭᠳᠡᠯ ᠪᠦᠬᠦᠨ ᠤᠰᠤᠨ ᠳ᠋ᠤ᠌ ᠲᠤᠰᠤᠭᠰᠠᠨ ᠰᠠᠷ᠎ᠠ ᠰᠢᠭ᠋ ᠬᠣᠭᠣᠰᠣᠨ ᠴᠢᠨᠠᠷ ᠲᠠᠢ ᠶ᠋ᠢ ᠤᠬᠠᠭᠠᠷᠠᠬᠤ ᠨᠢ ᠪᠢᠯᠢᠭ ᠤᠬᠠᠭᠠᠨ ᠶᠤᠮ᠃
ᠴᠢᠯᠥᠭᠡ ᠤᠴᠠᠷᠠᠯ
ᠡᠷᠳᠡᠨᠢᠲᠦ ᠬᠥᠮᠦᠨ ᠦ᠌ ᠴᠢᠯᠥᠭᠡ ᠤᠴᠠᠷᠠᠯ ᠢ᠋ ᠡᠨᠡ ᠣᠷᠴᠢᠯᠠᠩ ᠠ᠋ᠴᠠ ᠡᠷᠢᠭᠡᠳ ᠣᠯᠳᠠᠰᠢ ᠦᠭᠡᠢ᠃ᠡᠷᠬᠢᠮ ᠬᠡᠷᠡᠭ
ᠢ᠋ᠶ᠋ᠡᠨ ᠪᠦᠲᠦᠭᠡᠬᠦ ᠵᠠᠪᠰᠢᠶᠠᠨ ᠢ᠋ ᠡᠨᠳᠡᠵᠦ ᠠᠯᠳᠠᠪᠠᠰᠤ ᠳᠠᠬᠢᠭᠠᠳ ᠤᠴᠠᠷᠠᠰᠢ ᠦᠭᠡᠢ᠃ᠬᠥᠮᠦᠨ ᠦ᠌ ᠲᠥᠷᠥᠯ ᠨᠢ ᠭᠡᠭᠡᠷᠡᠯ ᠳ᠋ᠦ᠍ ᠬᠦᠷᠬᠦ ᠬᠠᠮᠤᠭ ᠤ᠋ᠨ ᠵᠠᠪᠰᠢᠶᠠᠨᠲᠤ ᠲᠥᠷᠥᠯ ᠠᠵᠠᠢ᠃ᠤᠴᠢᠷ ᠨᠢ ᠡᠨᠡ ᠲᠥᠷᠥᠯ ᠳ᠋ᠦ᠍ ᠪᠦᠬᠦ ᠣᠷᠴᠢᠯᠠᠩ ᠤ᠋ᠨ ᠵᠢᠷᠭᠠᠯ ᠵᠣᠪᠠᠯᠠᠩ
ᠢ᠋ ᠠᠶ᠎ᠠ ᠳᠠᠩ ᠢ᠋ ᠨᠢ ᠲᠠᠭᠠᠷᠠᠭᠤᠯᠵᠤ ᠠᠮᠰᠠᠵᠤ᠂ᠮᠡᠳᠡᠷᠡᠵᠦ᠂ᠬᠠᠷᠢᠴᠠᠭᠤᠯᠵᠤ ᠣᠢᠯᠠᠭᠠᠬᠤ ᠪᠣᠯᠤᠮᠵᠢ ᠲᠠᠢ᠃ᠭᠡᠭᠡᠷᠡᠯ ᠳ᠋ᠦ᠍ ᠵᠢᠷᠭᠠᠯ ᠠ᠋ᠴᠠ ᠢᠯᠡᠭᠦᠦ ᠵᠣᠪᠠᠯᠠᠩ ᠰᠢᠮ᠎ᠡ ᠲᠡᠵᠢᠭᠡᠯ ᠪᠣᠯᠳᠠᠭ᠃ᠵᠣᠪᠠᠯᠠᠩ ᠢ᠋ ᠲᠠᠨᠢᠬᠤ ᠦᠭᠡᠢ ᠪᠡᠷ ᠭᠡᠭᠡᠷᠡᠬᠦ ᠵᠠᠮ ᠦᠭᠡᠢ ᠃ᠪᠢᠳᠡ ᠲᠠᠩᠳᠠ ᠪᠠᠨ ᠥᠭᠡᠷ᠎ᠡ ᠳᠠᠰᠢ ᠪᠠᠨ ᠬᠠᠷᠠᠵᠤ ᠥᠷᠥᠭᠡᠯ ᠪᠤᠰᠤᠳ ᠢ᠋ ᠰᠣᠨᠵᠢᠵᠤ ᠶᠠᠪᠤᠳᠠᠭ᠂ᠥᠪᠡᠷ ᠤᠷᠤᠭᠤ ᠪᠠᠨ ᠳᠣᠲᠣᠭᠰᠢ ᠬᠠᠷᠠᠬᠤ ᠶ᠋ᠢ ᠪᠤᠷᠬᠠᠳ ᠰᠤᠷᠭᠠᠳᠠᠭ᠃ᠪᠢᠳᠡ ᠮᠠᠭᠤ ᠮᠠᠭᠤᠬᠠᠢ ᠳᠤ ᠰᠢᠭᠤᠳ ᠢᠲᠡᠭᠡᠳᠡᠭ ᠬᠢᠷᠢ ᠨᠢ ᠰᠠᠢᠨ ᠶᠠᠭᠤᠮᠠᠨ ᠳ᠋ᠤ᠌ ᠲᠦᠪᠡᠭᠳᠡᠨ ᠡᠷᠡᠭᠡᠯᠵᠡᠨ᠎ᠡ᠂ᠥᠪᠡᠷ ᠢ᠋ ᠪᠡᠨ ᠬᠡᠵᠢᠶᠡᠳᠡ ᠰᠢᠨᠵᠢᠬᠦ ᠦᠭᠡᠢ᠂ᠥᠷᠥᠭᠡᠯ ᠪᠤᠰᠤᠳ ᠢ᠋ ᠰᠢᠨᠵᠢᠵᠦ ᠰᠤᠨᠵᠢᠵᠤ ᠶᠠᠪᠤᠳᠠᠭ᠂ᠥᠩᠭᠡ ᠮᠥᠩᠭᠥᠨ ᠦ᠌ ᠲᠥᠯᠥᠭᠡ ᠪᠣᠯ ᠲᠦᠮᠡᠨ ᠪᠡᠷᠬᠡ ᠪᠤᠮᠠᠨ ᠳᠠᠪᠠᠭ᠎ᠠ ᠶ᠋ᠢ ᠲᠤᠭᠤᠯᠵᠤ ᠴᠢᠳᠠᠨ᠎ᠠ᠂
ᠭᠡᠭᠡᠷᠡᠯ ᠦ᠋ᠨ ᠲᠥᠯᠥᠭᠡ ᠪᠣᠯ ᠨᠢᠭᠡᠨ ᠠᠯᠬᠤᠮ ᠬᠢᠬᠦ ᠡᠴᠡ ᠲᠣᠭᠣᠷᠢᠵᠤ ᠪᠤᠴᠠᠨ᠎ᠠ᠃ᠶᠢᠷᠲᠢᠨᠴᠦ ᠳ᠋ᠦ᠍ ᠶᠠᠭᠤ ᠥᠭᠴᠦ ᠪᠠᠢᠨ᠎ᠠ ᠲᠡᠭᠦᠨ ᠢ᠋ ᠪᠡᠨ ᠡᠷᠭᠢᠭᠦᠯᠵᠦ ᠠᠪᠳᠠᠭ᠂ᠡᠨᠡ ᠪᠣᠯ ᠮᠥᠩᠬᠡ ᠶ᠋ᠢᠨ ᠬᠠᠤᠯᠢ᠃
ᠪᠣᠳᠢ ᠰᠡᠳᠬᠢᠯ ᠦ᠋ᠨ ᠬᠦᠴᠦ
ᠲᠡᠭᠦᠯᠳᠡᠷ ᠪᠣᠳᠢ ᠰᠡᠳᠬᠢᠯ ᠡᠴᠡ ᠥᠭᠡᠷ᠎ᠡ ᠲᠦᠢᠳᠬᠡᠷ ᠢ᠋ ᠳᠠᠷᠤᠬᠤ ᠪᠤᠶᠠᠨ ᠦᠭᠡᠢ᠂ᠲᠦᠮᠡᠨ ᠭᠠᠯᠪᠠ ᠳ᠋ᠤ᠌ ᠣᠷᠴᠢᠯᠠᠩ ᠢ᠋ ᠲᠣᠯᠢᠳᠠᠭᠰᠠᠨ ᠲᠡᠭᠦᠰ ᠮᠡᠷᠭᠡᠳ ᠲᠡᠭᠦᠨ ᠢ᠋ ᠯᠡ ᠰᠢᠲᠦᠨ᠎ᠡ᠃ᠵᠣᠪᠠᠯᠠᠩ ᠪᠦᠬᠦᠨ ᠢ᠋ ᠠᠷᠢᠯᠭᠠᠬᠤ ᠶ᠋ᠢ ᠬᠦᠰᠡᠪᠡᠯ᠂ᠵᠣᠯ ᠦᠭᠡᠢ ᠠᠮᠢᠲᠠᠳ ᠢ᠋ ᠠᠪᠤᠷᠠᠬᠤ ᠶ᠋ᠢ ᠬᠦᠰᠡᠪᠡᠯ᠂ᠵᠣᠯ ᠵᠢᠷᠭᠠᠯ ᠳ᠋ᠤ᠌ ᠤᠮᠪᠠᠬᠤ ᠶ᠋ᠢ ᠬᠦᠰᠡᠪᠡᠯ ᠪᠣᠳᠢ ᠰᠡᠳᠬᠢᠯ ᠢ᠋ ᠯᠡ ᠪᠤᠤ ᠣᠷᠭᠢ!ᠪᠣᠳᠢ ᠭᠡᠳᠡᠭ ᠨᠢ ᠪᠣᠳ᠋ᠳ᠋ᡁᠠ ᠭᠡᠳᠡᠭ ᠲᠡᠢ ᠢᠵᠠᠭᠤᠷ ᠨᠢᠭᠡ ᠦᠭᠡ᠃ᠰᠡᠷᠡᠬᠦ᠂ᠭᠡᠭᠡᠷᠡᠬᠦ ᠭᠡᠰᠡᠨ ᠤᠳᠬ᠎ᠠ ᠲᠠᠢ᠃ᠣᠷᠴᠢᠯᠠᠩ ᠤ᠋ᠨ ᠵᠢᠮ᠎ᠡ ᠶᠣᠰᠣ ᠶ᠋ᠢ ᠤᠬᠠᠭᠠᠷᠠᠵᠤ᠂ᠠᠮᠢᠲᠠᠨ ᠪᠦᠬᠦᠨ ᠦ᠌ ᠠᠮᠤᠷ ᠠᠮᠤᠭᠤᠯᠠᠩ ᠳ᠋ᠤ᠌ ᠲᠡᠮᠡᠦᠯᠦᠭᠰᠡᠨ ᠠᠮᠢᠨ ᠭᠣᠣᠯ ᠤ᠋ᠨ ᠬᠦᠰᠡᠯ ᠡᠷᠡᠮᠡᠯᠵᠡᠯ ᠢ᠋ ᠮᠡᠳᠡᠷᠡᠬᠦ ᠨᠢ ᠪᠣᠳᠢ ᠰᠡᠳᠬᠢᠯ ᠦ᠋ᠨ ᠦᠨᠳᠦᠰᠦ ᠪᠣᠯᠳᠠᠭ᠃ᠡᠬᠡ ᠪᠣᠯᠤᠭᠰᠠᠨ ᠵᠢᠷᠭᠤᠭᠠᠨ ᠵᠦᠢᠯ — ᠬᠠᠮᠤᠭ ᠠᠮᠢᠲᠠᠨ ᠤ᠋ ᠲᠤᠰᠠ ᠶ᠋ᠢᠨ ᠲᠤᠯᠠ ᠳᠤ ᠭᠡᠭᠡᠷᠡᠶᠡ ᠭᠡᠰᠡᠨ ᠴᠢᠩ ᠬᠦ᠌ ᠰᠡᠳᠬᠢᠯ ᠡᠷᠭᠢᠯᠲᠡ ᠪᠤᠴᠠᠯᠲᠠ ᠦᠭᠡᠢ ᠲᠦᠷᠦᠪᠡᠰᠦ ᠲᠡᠭᠦᠨ ᠢ᠋ ᠪᠣᠳᠢ ᠰᠡᠳᠬᠢᠯ ᠬᠡᠮᠡᠨ᠎ᠡ᠃ᠪᠣᠳᠢ ᠰᠡᠳᠬᠢᠯ ᠦ᠋ᠨ ᠵᠢᠭᠠᠬᠠᠨ ᠬᠡᠯᠲᠡᠷᠬᠡᠢ ᠴᠦ᠍ ᠲᠠᠨ ᠢ᠋ ᠣᠷᠴᠢᠯᠠᠩ ᠤ᠋ᠨ ᠦᠭᠡᠢᠷᠡᠯ ᠡᠴᠡ ᠠᠪᠤᠷᠠᠵᠤ ᠪᠣᠯᠤᠨ᠎ᠠ᠃ᠪᠣᠳᠢ ᠰᠡᠳᠬᠢᠯ ᠦ᠋ᠨ ᠦᠷ᠎ᠡ ᠶ᠋ᠢ ᠵᠢᠷᠦᠬᠡᠨ ᠳ᠋ᠡᠭᠡᠨ ᠯᠠᠪᠲᠠᠢᠶ᠎ᠠ ᠦᠨᠳᠦᠰᠦᠯᠡᠭᠦᠯᠵᠦ ᠴᠢᠳᠠᠪᠠᠰᠤ ᠤᠨᠲᠠᠬᠤ ᠨᠢ ᠬᠦᠷᠲᠡᠯ᠎ᠡ ᠪᠤᠶᠠᠨ ᠵᠢᠷ ᠦ᠋ᠨ ᠠᠵᠢᠯ ᠦᠢᠯᠡ ᠳ᠋ᠦ᠍ ᠰᠠᠳᠠᠭᠠᠷᠠᠬᠤ ᠨᠢ ᠬᠦᠷᠲᠡᠯ᠎ᠡ ᠢᠪᠡᠭᠡᠯ ᠪᠣᠯᠳᠠᠭ ᠠᠵᠠᠢ᠃ᠪᠣᠢ ᠪᠠᠢᠳᠠᠯ ᠨᠢ ᠲᠡᠷᠡ ᠴᠢᠭ ᠲᠡᠭᠡᠨ ᠡᠨᠡᠷᠢᠯ ᠪᠢᠯᠢᠭ ᠦ᠋ᠨ ᠮᠥᠨ ᠴᠢᠨᠠᠷ ᠲᠤ ᠬᠤᠪᠢᠷᠠᠭᠰᠠᠨ ᠪᠦᠬᠦᠨ ᠢ᠋ ᠪᠤᠷᠬᠠᠳ ᠬᠡᠮᠡᠨ᠎ᠡ᠃ᠡᠣᠷᠣᠰᠢᠬᠤᠢ ᠶ᠋ᠢᠨ ᠵᠦᠢ ᠲᠣᠭᠲᠠᠨᠢᠯ ᠬᠢᠭᠡᠳ ᠲᠡᠭᠦᠨ ᠢ᠋ ᠰᠡᠷᠡᠵᠦ ᠮᠡᠳᠡᠬᠦ ᠤᠬᠠᠭᠠᠷᠠᠯ ᠪᠦᠬᠦᠨ ᠢ᠋ ᠨᠣᠮ ᠪᠤᠶᠤ ᠦᠨᠡᠨ ᠬᠡᠮᠡᠨ᠎ᠡ᠃ᠲᠡᠢᠮᠦ ᠦᠨᠡᠨ ᠢ᠋ ᠵᠢᠷᠦᠬᠡ ᠰᠡᠳᠬᠢᠯ ᠳ᠋ᠡᠭᠡᠨ ᠤᠷᠭᠤᠭᠤᠯᠵᠤ ᠴᠡᠴᠡᠭᠯᠡᠭᠦᠯᠵᠦ ᠶᠠᠪᠤᠭ᠎ᠠ ᠪᠦᠬᠦᠨ ᠢ᠋ ᠨᠣᠮ ᠤ᠋ᠨ ᠠᠬᠠᠨ ᠲᠡᠭᠦᠦᠰ(ᠨᠣᠮ ᠤ᠋ᠨ ᠰᠠᠳᠤᠨ)ᠬᠡᠮᠡᠨ᠎ᠡ᠃ᠴᠢᠩ ᠰᠦᠰᠦᠭ ᠪᠣᠯ ᠬᠠᠢᠷ᠎ᠠ ᠶ᠋ᠢᠨ ᠮᠥᠨ ᠴᠢᠨᠠᠷ᠃ᠬᠠᠢᠷ᠎ᠠ ᠪᠣᠯ ᠥᠪᠡᠷ ᠢ᠋ ᠪᠡᠨ ᠡᠷᠭᠦᠯ ᠪᠣᠯᠭᠠᠬᠤ ᠶ᠋ᠢᠨ ᠨᠡᠷ᠎ᠡ᠃ᠬᠠᠢᠷ᠎ᠠ ᠶ᠋ᠢᠨ ᠬᠠᠤᠯᠢ ᠪᠡᠷᠲᠡᠭᠴᠢᠨ ᠠᠮᠢᠳᠤᠷᠠᠯ ᠤ᠋ᠨ ᠬᠠᠤᠯᠢ ᠠ᠋ᠴᠠ ᠴᠢᠩᠭ᠎ᠠ ᠡᠰᠡᠷᠭᠦᠦ ᠪᠠᠢᠳᠠᠭ᠃ᠪᠡᠷᠲᠡᠭᠴᠢᠨ ᠰᠡᠳᠬᠢᠯ ᠢᠯᠠᠬᠤ ᠲᠣᠰᠤᠮ ᠢ᠋ᠶ᠋ᠠᠨ ᠤᠢᠳᠴᠤ ᠭᠠᠩᠰᠠᠷᠠᠳᠠᠭ ᠪᠣᠯ ᠴᠢᠩ ᠬᠦ᠌ ᠬᠠᠢᠷ᠎ᠠ ᠪᠠᠭᠤᠵᠤ ᠥᠭᠬᠦ ᠲᠣᠰᠤᠮ ᠢ᠋ᠶ᠋ᠠᠨ ᠵᠢᠷᠭᠠᠯ ᠲᠠᠭᠠᠰᠢᠶᠠᠯ ᠡᠳ᠋ᠯᠡᠳᠡᠭ᠃ᠪᠡᠷᠲᠡᠭᠴᠢᠨ ᠰᠡᠳᠬᠢᠯ ᠬᠠᠭᠠᠨ ᠪᠣᠯᠬᠤ ᠭᠡᠵᠦ ᠲᠡᠮᠡᠦᠯᠦᠭᠰᠡᠭᠡᠷ ᠪᠣᠭᠣᠯ ᠪᠣᠯᠳᠠᠭ ᠲᠠᠪᠢᠯᠠᠩ ᠲᠠᠢ᠂ᠴᠢᠩ ᠬᠦ᠌ ᠬᠠᠢᠷ᠎ᠠ ᠪᠣᠭᠣᠯ ᠪᠣᠯᠬᠤ ᠭᠡᠵᠦ ᠲᠡᠮᠡᠦᠯᠦᠭᠰᠡᠭᠡᠷ ᠬᠠᠭᠠᠨ ᠪᠣᠯᠳᠠᠭ ᠵᠠᠶᠠᠭ᠎ᠠ ᠲᠠᠢ᠃
ᠨᠠᠮᠠᠨᠴᠢᠯᠠᠯ
ᠭᠡᠭᠡᠨ ᠪᠣᠳᠢ ᠬᠤᠲᠤᠭ ᠢ᠋ ᠣᠯᠲᠠᠯ᠎ᠠ᠂ᠬᠡᠬᠡᠷᠡᠭᠰᠡᠨ ᠪᠤᠷᠬᠠᠳ ᠠ᠋ᠴᠠ ᠠᠪᠤᠷᠠᠯ ᠡᠷᠢᠨᠡᠮ᠃ᠭᠡᠭᠡᠷᠡᠯ ᠦ᠋ᠨ ᠦᠨᠡᠨ ᠵᠠᠮ ᠪᠣᠯᠤᠨ ᠭᠡᠭᠡᠷᠡᠯ ᠳ᠋ᠦ᠍ ᠵᠠᠮᠨᠠᠭᠴᠢᠳ ᠲᠤ᠌ ᠢᠲᠡᠭᠡᠨᠡᠮ᠃ᠪᠡᠶ᠎ᠡ᠂ᠬᠡᠯᠡ᠂ᠰᠡᠳᠬᠢᠯ ᠭᠤᠷᠪᠠ ᠶ᠋ᠢᠨ ᠪᠢᠰᠢᠭᠦᠢ ᠮᠠᠭᠤ ᠨᠢᠭᠦᠯ ᠪᠦᠬᠦᠨ ᠢ᠋ᠶ᠋ᠡᠨ ᠪᠢᠯᠢᠭ ᠦ᠋ᠨ ᠮᠡᠯᠮᠡᠢ ᠭᠡᠢᠭᠴᠢᠳ ᠦ᠋ᠨ ᠡᠮᠦᠨ᠎ᠡ ᠪᠢ ᠪᠡᠷ ᠳᠤᠷᠠᠳᠤᠨ ᠨᠠᠮᠠᠨᠴᠢᠯᠠᠶ᠎ᠠ!
ᠨᠠᠮᠠᠨᠴᠢᠯᠠᠯ ᠪᠣᠯ ᠥᠩᠭᠡᠷᠡᠭᠰᠡᠨ ᠴᠠᠭ ᠤ᠋ᠨ ᠬᠣᠭ ᠨᠣᠪᠰᠢ ᠪᠠᠷ ᠥᠪᠡᠷ ᠢ᠋ ᠪᠡᠨ ᠳᠠᠷᠤᠮᠲᠠᠭᠤᠯᠬᠤ ᠶ᠋ᠢᠨ ᠨᠡᠷ᠎ᠡ ᠪᠢᠰᠢ᠂ ᠬᠠᠷᠢᠨ ᠴᠤ᠌ ᠲᠡᠷᠡ ᠪᠦᠬᠦᠨ ᠡᠴᠡ ᠥᠪᠡᠷ ᠢ᠋ ᠪᠡᠨ ᠴᠢᠯᠥᠭᠡᠯᠡᠵᠦ ᠴᠡᠪᠡᠷᠰᠢᠬᠦ ᠶ᠋ᠢᠨ ᠨᠡᠷ᠎ᠡ᠃ᠤᠬᠠᠭᠠᠯᠢᠭ ᠬᠥᠮᠦᠨ ᠠᠮᠢᠳᠤᠷᠠᠯ ᠳ᠋ᠠᠭᠠᠨ ᠬᠢᠭᠰᠡᠨ ᠠᠯᠳᠠᠭ᠎ᠠ ᠪᠦᠬᠦᠨ ᠢ᠋ᠶ᠋ᠡᠨ ᠠᠷᠢᠭᠤᠰᠴᠤ᠂ᠭᠡᠭᠡᠷᠡᠬᠦ ᠰᠢᠯᠲᠠᠭᠠᠨ ᠪᠣᠯᠭᠠᠨ ᠤᠷᠪᠠᠭᠤᠯᠳᠠᠭ ᠪᠣᠯ᠂ᠮᠤᠯᠭᠤ ᠬᠥᠮᠦᠨ
ᠪᠡᠷᠲᠡᠵᠦ ᠡᠷᠳᠦᠵᠦ ᠶᠠᠪᠤᠭᠰᠠᠭᠠᠷ ᠪᠠᠯᠴᠢᠭ ᠨᠠᠮᠤᠭ ᠲᠤ᠌ ᠤᠨᠠᠨ ᠵᠢᠪᠪᠦᠳᠡᠭ᠃ᠪᠦᠬᠦ ᠵᠣᠪᠠᠯᠠᠩ ᠥᠪᠡᠷ ᠦ᠋ᠨ ᠡᠪᠡᠳᠴᠢᠯᠡᠭᠰᠡᠨ
ᠰᠡᠳᠬᠢᠯ ᠳ᠋ᠦ᠍ ᠤᠴᠢᠷ ᠰᠢᠯᠲᠠᠭᠠᠨ ᠪᠠᠢᠳᠠᠭ ᠭᠡᠳᠡᠭ ᠢ᠋ ᠤᠬᠠᠭᠠᠷᠠᠬᠤ ᠦᠭᠡᠢ ᠬᠥᠮᠦᠨ᠂ᠪᠤᠷᠤᠭᠤᠲᠠᠨ ᠢ᠋ ᠢᠮᠠᠭᠲᠠ ᠭᠠᠳᠠᠨ᠎ᠠ
ᠠ᠋ᠴᠠ ᠬᠠᠢᠳᠠᠭ᠃ᠥᠪᠡᠷ ᠦ᠋ᠨ ᠬᠢ ᠤᠷᠤᠭᠤ ᠪᠠᠨ ᠬᠠᠷᠠᠭᠠᠳ ᠪᠤᠷᠤᠭᠤ ᠪᠠᠷ ᠡᠷᠭᠢᠴᠢᠬᠡᠭᠰᠡᠨ ᠪᠠᠢᠭ᠎ᠠ ᠶ᠋ᠢ ᠤᠬᠠᠮᠰᠠᠷᠯᠠᠬᠤ ᠨᠢ ᠬᠥᠮᠦᠨ ᠦ᠌ ᠠᠮᠢᠳᠤᠷᠠᠯ ᠤ᠋ᠨ ᠬᠠᠮᠤᠭ ᠤ᠋ᠨ ᠦᠨ᠎ᠡ ᠴᠠᠨ᠎ᠠ ᠲᠠᠢ ᠭᠱᠠᠨ ᠭᠡᠵᠦ ᠤᠱᠤᠤ ᠪᠠᠭᠰᠢ ᠠᠢᠯᠠᠳᠴᠠᠢ᠃
ᠡᠢᠮᠦ ᠨᠢᠭᠡᠨ ᠶᠣᠭᠲᠠ ᠦᠯᠢᠭᠡᠷ ᠢ᠋ ᠪᠤᠷᠬᠠᠨ ᠪᠠᠭᠰᠢ ᠬᠥᠮᠦᠰ ᠲᠦ᠍ ᠶᠠᠷᠢᠵᠤ ᠦᠭᠭᠦᠭᠰᠡᠨ ᠪᠠᠢᠨ᠎ᠠ᠃ᠨᠢᠭᠡᠨ ᠬᠥᠮᠦᠨ ᠠᠶᠤᠮᠰᠢᠭᠲᠤ ᠠᠷᠢᠶᠠᠲᠠᠨ ᠳ᠋ᠤ᠌ ᠬᠥᠭᠡᠭᠡᠭᠳᠡᠨ ᠭᠦᠶᠦᠵᠦ ᠪᠠᠢᠲᠠᠯ᠎ᠠ ᠡᠮᠦᠨ᠎ᠡ ᠨᠢ ᠡᠭᠴᠡ ᠴᠠᠪᠴᠢᠮ᠎ᠠ ᠠᠩᠭᠠᠯ ᠬᠢᠰᠠᠭ᠎ᠠ
ᠲᠤᠯᠵᠤ ᠭᠡᠨ᠎ᠡ᠃ᠴᠠᠭᠠᠨ᠎ᠠ ᠨᠢ ᠴᠡᠴᠡᠭ ᠵᠢᠮᠢᠰ ᠠᠯᠠᠭᠯᠠᠭᠰᠠᠨ ᠠᠮᠤᠷ ᠠᠮᠤᠭᠤᠯᠠᠩ ᠨᠤᠭᠤ ᠴᠡᠯᠡᠢᠵᠦ ᠪᠠᠢᠯ᠎ᠠ᠃ᠠᠵᠠ ᠪᠣᠯᠬᠤ
ᠳ᠋ᠤ᠌ ᠨᠢᠭᠡᠨ ᠣᠷᠢᠶᠠᠩᠭᠤ ᠤᠷᠭᠤᠮᠠᠯ ᠬᠢᠰᠠᠭ᠎ᠠ ᠶ᠋ᠢᠨ ᠢᠷᠮᠡᠭ ᠬᠠᠪᠢ ᠠ᠋ᠴᠠ ᠤᠷᠭᠤᠨ᠂ᠲᠡᠷᠲᠡᠭᠡᠬᠢ ᠢᠷᠣᠭᠠᠷ ᠲᠤ᠌ ᠬᠦᠷᠲᠡᠯ᠎ᠡ ᠤᠨᠵᠢᠢᠭᠰᠠᠨ ᠪᠠᠢᠨ᠎ᠠ ᠭᠡᠨ᠎ᠡ᠃ᠥᠨᠥᠬᠢ ᠬᠥᠮᠦᠨ ᠲᠡᠭᠦᠨ ᠡᠴᠡ ᠵᠡᠭᠦᠭᠳᠡ ᠳᠣᠷᠣᠭᠰᠢ ᠪᠠᠭᠤᠵᠤ ᠡᠬᠢᠯᠡᠯ᠎ᠡ᠃ᠬᠥᠭᠡᠭᠡᠵᠦ ᠶᠠᠪᠤᠭᠰᠠᠨ ᠠᠷᠢᠶᠠᠲᠠᠨ ᠠᠩᠭᠠᠯ ᠳ᠋ᠤ᠌ ᠲᠤᠯᠤᠭᠠᠳ ᠶᠠᠭᠠᠬᠢᠵᠤ ᠴᠤ᠌ ᠴᠢᠳᠠᠯ ᠦᠭᠡᠢ ᠡᠷᠭᠢᠴᠡᠯᠡ᠃ᠵᠢᠭᠠᠬᠠᠨ ᠲᠠᠢᠪᠤᠰᠢᠷᠠᠭᠰᠠᠨ ᠬᠥᠮᠦᠨ᠂ᠬᠢᠰᠠᠭ᠎ᠠ ᠶ᠋ᠢᠨ ᠡᠯᠢᠭᠡᠨ ᠳ᠋ᠦ᠍ ᠤᠷᠭᠤᠭᠰᠠᠨ ᠵᠢᠮᠢᠰ ᠦ᠋ᠨ ᠪᠤᠲᠠ ᠶ᠋ᠢ ᠣᠯᠵᠤ ᠬᠠᠷᠠᠯ᠎ᠠ᠂ᠤᠪ ᠤᠯᠠᠭᠠᠨ ᠵᠢᠮᠢᠰ ᠨᠠᠳᠠ ᠳ᠋ᠤ᠌ ᠬᠦᠷᠴᠦ ᠴᠢᠳᠠᠬᠤ ᠤᠤ ᠭᠡᠬᠦ ᠰᠢᠭ ᠪᠥᠨᠵᠦᠢᠵᠤ ᠬᠠᠷᠠᠭᠳᠠᠨ᠎ᠠ᠃ᠲᠡᠭᠡᠲᠡᠯ᠎ᠡ ᠬᠠᠷ᠎ᠠ ᠴᠠᠭᠠᠨ ᠬᠣᠶᠠᠷ ᠬᠤᠯᠤᠭᠠᠨ᠎ᠠ ᠬᠠᠮᠢᠭ᠎ᠠ ᠠ᠋ᠴᠠ ᠴᠤ᠌ ᠶᠤᠮ ᠭᠠᠷᠴᠤ ᠢᠷᠡᠭᠡᠳ ᠥᠨᠥᠬᠢ ᠣᠷᠢᠶᠠᠩᠭᠤ ᠶ᠋ᠢ ᠮᠡᠷᠡᠵᠦ ᠡᠬᠢᠯᠡᠯ᠎ᠡ᠃ᠬᠠᠷᠢᠨ ᠲᠡᠷᠡ ᠬᠥᠮᠦᠨ ᠬᠤᠯᠤᠭᠠᠨ᠎ᠠ ᠶ᠋ᠢ ᠴᠦ᠍ ᠠᠩᠵᠠᠭᠠᠷᠠᠬᠤ ᠦᠭᠡᠢ᠂ᠳᠣᠷᠣᠭᠰᠢ ᠪᠠᠭᠤᠵᠤ ᠠᠮᠤᠭᠤᠯᠠᠩ ᠨᠤᠭᠤ ᠳ᠋ᠤ᠌ ᠬᠦᠷᠬᠦ ᠪᠡᠨ ᠴᠦ᠍ ᠮᠠᠷᠲᠠᠨ ᠵᠢᠮᠢᠰ ᠤᠷᠤᠭᠤ ᠲᠡᠮᠡᠦᠯᠵᠦ ᠭᠠᠷᠤᠯ᠎ᠠ᠃ᠬᠡᠴᠢᠨᠡᠨ ᠰᠡᠷᠪᠡᠢᠪᠡᠴᠦ ᠱᠦᠷᠭᠦᠭᠡᠨ ᠠᠯᠳᠠᠬᠤ ᠠ᠋ᠴᠠ ᠴᠠᠭᠠᠰᠢ ᠦᠭᠡᠢ ᠳ᠋ᠦ᠍ ᠤᠯᠠᠮ ᠲᠠᠴᠢᠶᠠᠳᠠᠨ ᠣᠷᠢᠶᠠᠩᠭᠤ ᠪᠠᠨ ᠰᠠᠪᠠᠴᠢᠨ ᠵᠢᠳᠬᠦᠭᠰᠡᠭᠡᠷ ᠣᠷᠢᠶᠠᠩᠭᠤ ᠲᠠᠰᠤᠷᠠᠬᠤ ᠮᠥᠴᠡ ᠣᠢᠷᠠᠲᠤᠭᠰᠠᠭᠠᠷ ᠯᠠ ᠣᠢᠷᠠᠲᠤᠭᠰᠠᠭᠠᠷ ᠯᠠ ᠪᠠᠢᠯ᠎ᠠ᠃ᠬᠥᠭᠡᠷᠦᠬᠦᠢ ᠲᠡᠨᠡᠭ ᠦ᠋ᠨ ᠪᠢᠴᠠ ᠦᠰᠦᠷᠬᠦ ᠶ᠋ᠢ ᠬᠡᠨ ᠬᠠᠷᠠᠵᠤ ᠵᠢᠷᠦᠬᠡᠯᠡᠨᠡᠮ⁈ ᠣᠷᠢᠶᠠᠩᠭᠤ ᠪᠣᠯ ᠬᠥᠮᠦᠨ ᠦ᠌ ᠠᠮᠢᠳᠤᠷᠠᠯ ᠤ᠋ᠨ ᠴᠢᠯᠥᠭᠡ ᠤᠴᠠᠷᠠᠯ᠂ᠮᠥᠩᠬᠡ ᠦᠷᠭᠦᠯᠵᠢᠯᠡᠬᠦ ᠠᠮᠤᠷ ᠠᠮᠤᠭᠤᠯᠠᠩ᠂ᠭᠡᠭᠡᠷᠡᠯ ᠳ᠋ᠦ᠍ ᠬᠦᠷᠬᠦ ᠵᠠᠪᠰᠢᠶᠠᠨ᠂ᠡᠨᠡ ᠵᠠᠪᠰᠢᠶᠠᠨ ᠢ᠋ ᠪᠢᠳᠡ ᠲᠦᠮᠡᠨ ᠵᠣᠪᠠᠯᠠᠩ ᠪᠤᠮᠠᠨ ᠲᠥᠭᠡᠷᠢᠭᠳᠡᠯ ᠦ᠋ᠨ ᠮᠠᠨᠠᠨ ᠳᠤᠮᠳᠠ ᠠ᠋ᠴᠠ ᠠᠷᠠᠢ ᠶᠠᠳᠠᠨ ᠣᠯᠵᠤ ᠠᠪᠤᠭᠰᠠᠨ᠃ᠭᠡᠬᠦ ᠳ᠋ᠡᠭᠡᠨ ᠲᠡᠷᠡ ᠨᠢ ᠡᠭᠦᠷᠢᠳᠡ ᠶ᠋ᠢᠨ ᠪᠤᠰᠤ᠂ᠵᠠᠭᠤᠷᠠᠳᠤ ᠶ᠋ᠢᠨ᠃ᠪᠤᠰᠢᠭᠤ ᠠᠰᠢᠭᠯᠠᠬᠤ ᠦᠭᠡᠢ ᠪᠣᠯ ᠬᠠᠷ᠎ᠠ ᠴᠠᠭᠠᠨ ᠬᠣᠶᠠᠷ ᠬᠤᠯᠤᠭᠠᠨ᠎ᠠ ᠰᠢᠭ᠋ ᠡᠳᠦᠷ ᠰᠥᠨᠢ ᠦᠭᠡᠢ ᠦᠷᠭᠦᠯᠵᠢ ᠮᠡᠷᠡᠵᠦ ᠪᠠᠢᠳᠠᠭ᠃ᠦᠬᠦᠯ ᠮᠥᠩᠬᠡ ᠪᠤᠰᠤ ᠶ᠋ᠢ ᠤᠬᠠᠭᠠᠷᠠᠭ᠎ᠠ ᠦᠭᠡᠢ ᠬᠥᠮᠦᠨ᠂ᠰᠢᠷᠬᠡᠭ ᠵᠢᠮᠢᠰ ᠦ᠋ᠨ ᠲᠥᠯᠥᠭᠡ ᠨᠠᠰᠤ ᠪᠠᠨ ᠦᠷᠡᠬᠦ ᠪᠣᠯᠤᠨ᠎ᠠ᠃
ᠪᠤᠶᠠᠨ ᠳ᠋ᠤ᠌ ᠳᠠᠭᠠᠨ ᠪᠠᠶᠠᠰᠬᠤ
ᠬᠡᠨ ᠨᠢᠭᠡ ᠨᠢ ᠬᠥᠭᠵᠢᠵᠦ ᠴᠡᠴᠡᠭᠯᠡᠵᠦ ᠪᠠᠢᠪᠠᠯ ᠳᠠᠭᠠᠨ ᠪᠠᠶᠠᠰᠤᠭᠲᠤᠨ
ᠲᠡᠭᠡᠪᠡᠯ ᠲᠠ ᠥᠪᠡᠷ ᠢ᠋ᠶ᠋ᠡᠨ ᠬᠥᠭᠵᠢᠵᠦ ᠴᠡᠴᠡᠭᠯᠡᠨ᠎ᠡ᠃
ᠬᠡᠨ ᠨᠢᠭᠡ ᠨᠢ ᠪᠡᠶᠡᠰᠴᠦ ᠵᠢᠷᠭᠠᠵᠤ ᠪᠠᠢᠪᠠᠯ ᠳᠠᠭᠠᠨ ᠪᠠᠶᠠᠰᠤᠭᠲᠤᠨ
ᠲᠡᠭᠡᠪᠡᠯ ᠲᠠᠨ ᠤ᠋ ᠵᠢᠷᠭᠠᠯ ᠲᠠᠭᠠᠰᠢᠶᠠᠯ ᠤᠯᠠᠮ ᠨᠡᠮᠡᠭᠳᠡᠨ᠎ᠡ ᠃
ᠬᠡᠨ ᠨᠢᠭᠡ ᠨᠢ ᠠᠷᠢᠭᠤᠰᠴᠤ ᠭᠡᠭᠡᠷᠡᠵᠦ ᠪᠠᠢᠪᠠᠯ ᠳᠠᠭᠠᠨ ᠪᠠᠶᠠᠰᠤᠭᠲᠤᠨ
ᠲᠡᠭᠡᠪᠡᠯ ᠲᠠᠨ ᠤ᠋ ᠠᠷᠢᠭᠤᠰᠤᠯ ᠭᠡᠭᠡᠷᠡᠯ ᠤᠯᠠᠮ ᠲᠡᠯᠡᠨ᠎ᠡ᠃
ᠬᠡᠷᠪᠡ ᠪᠦᠬᠦ ᠶᠢᠷᠲᠢᠨᠴᠦ ᠶ᠋ᠢᠨ ᠠᠮᠤᠷ ᠠᠮᠤᠭᠤᠯᠠᠩ ᠠᠷᠢᠭᠤᠨ ᠭᠡᠭᠡᠨ ᠦᠢᠯᠡᠰ ᠲᠦ᠍ ᠳᠠᠭᠠᠨ ᠪᠡᠶᠡᠰᠪᠡᠯ ᠲᠠᠨ ᠤ᠋ ᠪᠠᠶᠠᠷ ᠪᠠᠶᠠᠰᠬᠤᠯᠠᠩ ᠢ᠋ ᠶᠢᠷᠲᠢᠨᠴᠦ ᠳ᠋ᠠᠬᠢᠨ ᠳ᠋ᠤ᠌ ᠲᠡᠳᠬᠦᠵᠦ ᠳᠡᠮᠵᠢᠨ᠎ᠡ᠃ᠡᠨᠡ ᠪᠣᠯ ᠪᠤᠷᠬᠠᠳ ᠤ᠋ᠨ ᠰᠤᠷᠭᠠᠯ᠃ᠳᠡᠭᠡᠷᠡᠬᠢ ᠰᠤᠷᠭᠠᠯ ᠤ᠋ᠨ ᠦᠭᠡᠰ ᠪᠠᠭ᠎ᠠ᠂ᠳᠤᠮᠳᠠ᠂ᠶᠡᠬᠡ ᠭᠤᠷᠪᠠᠨ ᠲᠥᠷᠥᠯᠬᠢᠲᠡᠨ ᠦ᠌ ᠪᠤᠶᠠᠨ ᠢ᠋ ᠬᠠᠮᠤᠷᠤᠭᠤᠯᠤᠨ ᠳᠤᠷᠠᠳᠴᠠᠢ᠄ᠣᠷᠴᠢᠯᠠᠩ ᠤ᠋ᠨ ᠵᠢᠷᠭᠠᠯ ᠳ᠋ᠤ᠌ ᠳᠤᠷᠠᠯᠠᠨ ᠲᠠᠮᠤᠯᠠᠭ᠌ᠴᠢ ᠬᠥᠮᠦᠨ ᠢ᠋ ᠪᠠᠭ᠎ᠠ ᠲᠥᠷᠥᠯᠬᠢᠲᠡᠨ ᠭᠡᠳᠡᠭ᠃ᠭᠠᠳᠠᠨ᠎ᠠ ᠲᠠᠯ᠎ᠠ ᠶ᠋ᠢᠨ ᠨᠥᠬᠥᠴᠡᠯ ᠪᠠᠢᠳᠠᠯ ᠠ᠋ᠴᠠ ᠰᠠᠯᠵᠤ
᠂ᠦᠢᠯᠡ ᠶ᠋ᠢᠨ ᠦᠷ᠎ᠡ ᠶ᠋ᠢᠨ ᠬᠦᠯᠢᠶᠡᠰᠦᠨ ᠡᠴᠡ ᠭᠡᠲᠦᠯᠦᠭᠰᠡᠨ ᠬᠤᠪᠢ ᠶ᠋ᠢᠨ ᠡᠷᠬᠡ ᠴᠢᠯᠥᠭᠡᠨ ᠳ᠋ᠦ᠍ ᠲᠠᠮᠤᠯᠠᠭ᠌ᠴᠢ ᠬᠥᠮᠦᠨ ᠢ᠋ ᠳᠤᠮᠳᠠ ᠲᠥᠷᠥᠯᠬᠢᠲᠡᠨ ᠭᠡᠳᠡᠭ᠃ᠣᠷᠴᠢᠯᠠᠩ ᠳ᠋ᠠᠬᠢᠨ ᠤ᠋ ᠵᠣᠪᠠᠯᠠᠩ ᠢ᠋ ᠥᠪᠡᠷᠲᠡᠭᠡᠨ ᠰᠣᠷᠣᠵᠤ᠂ᠪᠠᠶᠠᠷ ᠪᠠᠶᠠᠰᠬᠤᠯᠠᠩ ᠪᠦᠬᠦᠨ ᠢ᠋ ᠪᠤᠰᠤᠳ ᠲᠤ᠌ ᠶᠡᠭᠦᠯᠡᠬᠦ ᠶ᠋ᠢ ᠡᠷᠡᠮᠡᠯᠵᠡᠭᠴᠢ ᠨᠢᠭᠡᠨ ᠢ᠋ ᠶᠡᠬᠡ ᠲᠥᠷᠥᠯᠬᠢᠲᠡᠨ ᠭᠡᠳᠡᠭ᠃ᠡᠨᠡ ᠪᠦᠬᠦᠨ ᠪᠣᠯ ᠠᠳᠤᠭᠤᠰᠤᠯᠢᠭ ᠪᠠᠢᠳᠠᠯ ᠠ᠋ᠴᠠ ᠪᠤᠷᠬᠠᠨᠯᠢᠭ ᠲᠤ᠌ ᠰᠢᠯᠵᠢᠬᠦ ᠬᠥᠭᠵᠢᠯ ᠦ᠋ᠨ ᠦᠶ᠎ᠡ ᠱᠠᠲᠤ ᠶᠤᠮ ᠠ᠋᠃
ᠰᠡᠳᠬᠢᠯ ᠦ᠋ᠨ ᠠᠷᠢᠭᠤᠰᠤᠯ
ᠡᠳ᠋ ᠪᠠᠶᠠᠯᠢᠭ᠂ᠪᠡᠶ᠎ᠡ ᠴᠣᠭᠴᠠᠰ᠂ᠡᠷᠭᠢᠬᠦ ᠴᠠᠭ ᠤ᠋ᠨ ᠪᠤᠶᠠᠨ ᠪᠦᠬᠦᠨ ᠢ᠋ᠶ᠋ᠡᠨ ᠬᠠᠮᠤᠭ ᠠᠮᠢᠲᠠᠨ ᠤ᠋ ᠲᠤᠰᠠ ᠶ᠋ᠢᠨ ᠲᠤᠯᠠᠳᠠ ᠬᠠᠷᠠᠮ ᠦᠭᠡᠢ ᠵᠣᠷᠢᠭᠤᠯᠰᠤᠭᠠᠢ!
《ᠪᠢ᠂ᠪᠢ》ᠭᠡᠰᠡᠨ ᠮᠤᠩᠬᠠᠭᠯᠠᠯ ᠪᠠᠢᠭ᠎ᠠ ᠴᠠᠭ ᠲᠤ᠌ 《ᠮᠢᠨᠦᠬᠢ》ᠭᠡᠰᠡᠨ ᠰᠢᠨᠤᠯ ᠲᠠᠴᠢᠶᠠᠯ ᠡᠭᠦᠰᠴᠦ ᠲᠡᠭᠦᠨ ᠡᠴᠡ ᠡᠯᠳᠡᠪ ᠵᠦᠢᠯ ᠦ᠋ᠨ ᠡᠨᠳᠡᠯ᠂ᠣᠢᠮᠤᠷᠠᠯ ᠵᠣᠭᠰᠣᠭ᠎ᠠ ᠵᠠᠢ ᠦᠭᠡᠢ ᠴᠤᠪᠤᠷᠠᠨ᠎ᠠ᠃ᠬᠣᠷᠸ᠎ᠠ ᠳ᠋ᠤ᠌ ᠬᠣᠭᠣᠰᠣᠨ ᠢᠷᠡᠭᠡᠳ ᠬᠣᠭᠣᠰᠣᠨ ᠪᠤᠴᠠᠬᠤ ᠠᠲᠠᠯ᠎ᠠ ᠡᠨᠡᠬᠡᠨ ᠴᠢᠯᠥᠭᠡᠨ ᠳ᠋ᠦ᠍ ᠵᠡᠭᠦᠳᠦ ᠵᠡᠷᠭᠡᠯᠭᠡ ᠶ᠋ᠢ ᠥᠮᠴᠢᠷᠬᠡᠨ ᠪᠠᠷᠢᠴᠠᠯᠳᠠᠬᠤ ᠰᠡᠳᠬᠢᠯ ᠥᠪᠡᠷ ᠢ᠋ᠶ᠋ᠡᠨ ᠵᠣᠪᠠᠯᠠᠩ ᠤ᠋ᠨ ᠦᠨᠳᠦᠰᠦ᠃ᠥᠮᠴᠢᠯᠡᠵᠦ ᠬᠠᠷᠠᠮᠨᠠᠭᠰᠠᠨ ᠪᠦᠬᠦᠨ ᠢ᠋ ᠮᠢᠨᠢ ᠦᠬᠦᠯ ᠢᠷᠡᠭᠡᠳ ᠪᠤᠯᠢᠶᠠᠬᠤ ᠠ᠋ᠴᠠ ᠬᠣᠢᠰᠢ᠂ᠦᠷ᠎ᠡ ᠰᠢᠮ᠎ᠡ ᠦᠭᠡᠢ ᠲᠠᠷᠠᠮᠳᠠᠬᠤ ᠶ᠋ᠢᠨ ᠣᠷᠣᠨ ᠳ᠋ᠤ᠌ ᠥᠭᠭᠢᠶᠡᠮᠦᠷ ᠰᠡᠳᠬᠢᠯ ᠢ᠋ᠶ᠋ᠡᠷ ᠪᠤᠰᠤᠳ ᠲᠤ᠌ ᠵᠣᠷᠢᠭᠤᠯᠤᠶ᠎ᠠ᠃ᠡᠨᠡ ᠪᠣᠯ ᠠᠮᠢᠳᠤᠷᠠᠬᠤ ᠶ᠋ᠢᠨ ᠬᠡᠯᠪᠡᠷᠢ ᠪᠢᠰᠢ᠂ᠠᠭᠤᠯᠭ᠎ᠠ ᠶ᠋ᠢᠨ ᠲᠤᠬᠠᠢ ᠰᠤᠷᠭᠠᠯ ᠶᠤᠮ᠃ᠪᠤᠰᠤᠳ ᠠ᠋ᠴᠠ ᠬᠠᠢᠷ᠎ᠠ ᠭᠣᠷᠢᠳᠠᠵᠤ᠂ᠭᠠᠳᠠᠨ᠎ᠠ ᠠ᠋ᠴᠠ ᠵᠢᠷᠭᠠᠯ ᠡᠷᠢᠳᠡᠭ ᠲᠡᠭᠡᠨ ᠯᠡ ᠬᠥᠮᠦᠨ ᠭᠣᠮᠣᠳᠠᠵᠤ᠂ᠭᠣᠩᠰᠣᠢᠨ ᠪᠠᠭᠲᠠᠷᠠᠵᠤ ᠤᠢᠮᠤᠷᠠᠵᠤ ᠶᠠᠪᠤᠳᠠᠭ᠃ᠪᠤᠰᠤᠳ ᠤᠷᠤᠭᠤ ᠵᠥᠪᠬᠡᠨ ᠬᠠᠢᠷ᠎ᠠ ᠢᠯᠡᠭᠡᠵᠦ᠂ᠶᠢᠷᠲᠢᠨᠴᠦ ᠤᠷᠤᠭᠤ ᠵᠢᠷᠭᠠᠯ ᠲᠠᠭᠠᠰᠢᠶᠠᠯ ᠶᠡᠭᠦᠯᠡᠨ ᠪᠢᠰᠢᠯᠭᠠᠬᠤ ᠲᠣᠰᠤᠮ ᠳᠣᠲᠣᠭᠠᠳᠤ ᠡᠬᠢ ᠪᠤᠯᠠᠭ ᠣᠷᠭᠢᠯᠤᠨ ᠣᠨᠳᠣᠷᠳᠠᠭ ᠠᠵᠢ᠃ᠬᠡᠳᠦᠢ ᠴᠢᠨᠡᠭᠡᠨ ᠶᠡᠭᠦᠯᠡᠨ᠎ᠡ ᠬᠡᠳᠦᠢ ᠴᠢᠨᠡᠭᠡᠨ ᠬᠠᠯᠭᠢᠨᠠ᠃ᠥᠪᠡᠷ ᠢ᠋ᠶ᠋ᠡᠷ ᠢ᠋ᠶ᠋ᠡᠨ ᠶᠢᠷᠲᠢᠨᠴᠦ ᠶ᠋ᠢ ᠲᠠᠢᠯᠬᠤ ᠨᠢᠭᠡᠨ ᠵᠦᠢᠯ ᠦ᠋ᠨ ᠪᠢᠰᠢᠯᠭᠠᠯ ᠢ᠋ 《ᠵᠢᠳᠠ ᠯᠦᠢᠵᠢᠩ》 ᠭᠡᠳᠡᠭ᠃《ᠵᠢᠳᠠ》 ᠭᠡᠳᠡᠭ ᠨᠢ ᠲᠠᠰᠤᠳᠠᠬᠤ ᠭᠡᠰᠡᠨ ᠤᠳᠬ᠎ᠠ ᠲᠠᠢ᠃《ᠪᠢ》 ᠶ᠋ᠢᠨ ᠰᠢᠨᠤᠯ᠂ᠵᠣᠪᠠᠯᠠᠩ ᠤ᠋ᠨ ᠦᠨᠳᠦᠰᠦ ᠶ᠋ᠢ ᠲᠠᠰᠤᠳᠠᠨ᠎ᠠ ᠭᠡᠰᠡᠨ ᠦᠭᠡ᠃《ᠯᠦᠢᠵᠢᠩ》ᠭᠡᠳᠡᠭ ᠨᠢ ᠪᠡᠶ᠎ᠡ ᠪᠡᠨ ᠡᠷᠭᠦᠬᠦ ᠭᠡᠰᠡᠨ ᠤᠳᠬ᠎ᠠ ᠲᠠᠢ᠃ᠥᠪᠡᠷ ᠡᠴᠡ ᠪᠡᠨ ᠢᠯᠡᠭᠦᠦ ᠥᠷᠥᠭᠡᠯ ᠢ᠋ ᠬᠠᠢᠷᠠᠯᠠᠬᠤ ᠰᠡᠳᠬᠢᠯ ᠲᠥᠷᠥᠭᠰᠡᠨ ᠴᠠᠭ ᠲᠤ᠌᠂ᠡᠨᠳᠡ ᠠᠯᠪᠢᠨ ᠴᠤ᠌ ᠬᠣᠣᠷᠯᠠᠵᠤ ᠴᠢᠳᠠᠳᠠᠭ ᠦᠭᠡᠢ ᠭᠡᠨ᠎ᠡ᠃ᠨᠠᠳᠠᠳᠤ ᠴᠢᠭᠯᠡᠭᠰᠡᠨ ᠦᠢᠯᠡᠳᠦᠯ ᠪᠦᠷᠢ ᠴᠢᠨᠢ ᠨᠠᠰᠤᠨ ᠵᠢᠷᠭᠠᠯ ᠢ᠋ ᠲᠠ ᠨᠠᠷ ᠲᠤ᠌ ᠠᠪᠴᠢᠷᠠᠭ᠂ᠠᠭᠤᠷᠯᠠᠬᠤ ᠰᠦᠰᠦᠭᠯᠡᠬᠦ ᠶ᠋ᠢᠨ ᠠᠯᠢ ᠨᠢ ᠴᠤ᠌ ᠪᠠᠢᠭᠰᠠᠨ ᠴᠤ᠌ ᠤᠴᠠᠷᠠᠯ ᠤ᠋ᠨ ᠳᠡᠭᠡᠳᠦ ᠶ᠋ᠢ ᠲᠠ ᠨᠠᠷ ᠲᠤ᠌ ᠬᠤᠷᠤᠢᠯᠠᠭ ᠠ᠋!ᠬᠡᠨ ᠨᠠᠮ᠎ᠠ ᠶ᠋ᠢ ᠦᠭᠡ ᠪᠡᠷ ᠲᠣᠷᠣᠮᠵᠢᠯᠠᠨᠠ᠂ᠬᠡᠨ ᠨᠠᠮᠠᠶ᠋ᠢ ᠦᠢᠯᠡᠳᠦᠯ ᠢ᠋ᠶ᠋ᠡᠷ ᠭᠤᠲᠤᠭᠠᠨᠠ᠂ᠬᠡᠨ ᠨᠠᠮᠠᠶ᠋ᠢ ᠰᠡᠳᠬᠢᠯ ᠢ᠋ᠶ᠋ᠡᠷ ᠬᠣᠷᠣᠰᠬᠠᠨ᠎ᠠ᠂ᠲᠡᠷᠡ ᠪᠦᠬᠦᠨ ᠭᠡᠭᠡᠷᠡᠬᠦ ᠪᠣᠯᠲᠤᠭᠠᠢ᠃
ᠰᠡᠷᠡᠮᠵᠢᠯᠡᠬᠦᠢ
ᠪᠤᠷᠬᠠᠳ ᠤ᠋ᠨ ᠦᠢᠯᠡᠰ ᠢ᠋ ᠮᠥᠷᠳᠡᠨ᠂ᠪᠣᠳᠢ ᠰᠡᠳᠬᠢᠯ ᠢ᠋ ᠡᠭᠦᠰᠬᠡᠭᠰᠡᠨ ᠴᠠᠭ ᠠ᠋ᠴᠠ ᠪᠤᠲᠠᠷᠠᠩᠭᠤᠢ ᠰᠠᠮᠠᠭᠤᠷᠠᠯ ᠳ᠋ᠤ᠌ ᠦᠯᠦ ᠠᠪᠲᠠᠨ᠂ᠪᠣᠳᠢᠰᠠᠳ᠋ᠸ᠎ᠠ ᠶ᠋ᠢᠨ ᠰᠤᠷᠲᠠᠯ ᠢ᠋ ᠬᠢᠴᠢᠶᠡᠨ ᠰᠠᠬᠢᠶᠤ!ᠪᠣᠳᠢ ᠰᠡᠳᠬᠢᠯ ᠲᠥᠷᠥᠭᠰᠡᠨ ᠲᠡᠷᠡ ᠬᠣᠷᠣᠮ ᠢ᠋ ᠱᠠᠨᠲ᠋ᠢᠳᠢᠸᠠ
ᠭᠡᠭᠡᠨᠲᠡᠨ᠂ᠣᠪᠣᠭᠠᠯᠠᠭᠰᠠᠨ ᠬᠣᠭ ᠤ᠋ᠨ ᠳᠤᠮᠳᠠ ᠠ᠋ᠴᠠ ᠰᠣᠬᠣᠷ ᠭᠤᠶᠤᠯᠭᠠᠴᠢᠨ ᠸᠴᠢᠷ ᠠᠯᠮᠠᠰ ᠣᠯᠬᠤ ᠲᠠᠢ ᠵᠦᠢᠷᠯᠡᠵᠡᠢ᠃
ᠥᠩᠭᠡᠷᠡᠭᠰᠡᠨ ᠳ᠋ᠦ᠍ ᠬᠠᠷᠠᠮᠰᠠᠵᠤ᠂ᠢᠷᠡᠭᠡᠳᠦᠢ ᠡᠴᠡ ᠭᠣᠷᠢᠳᠠᠵᠤ᠂ᠡᠨᠡ ᠴᠠᠭ ᠦᠶ᠎ᠡ ᠳ᠋ᠡᠭᠡᠨ ᠰᠡᠳᠬᠢᠯ ᠬᠠᠨᠤᠮᠵᠢ ᠦᠭᠡᠢ ᠠᠮᠢᠳᠤᠷᠠᠳᠠᠭ ᠪᠣᠯᠬᠣᠷ ᠪᠢᠳᠡ ᠦᠨᠡᠬᠡᠷ ᠭᠤᠶᠤᠯᠭᠠᠴᠢᠨ ᠶᠤᠮ᠃ᠭᠡᠲᠡᠯ᠎ᠡ ᠸᠴᠢᠷ ᠠᠯᠮᠠᠰ ᠣᠯᠪᠠᠯ ᠶᠠᠮᠠᠷᠬᠠᠨ ᠬᠣᠪᠣᠷ ᠵᠠᠪᠰᠢᠶᠠᠨ ᠪᠢᠯᠡ?ᠣᠯᠤᠭᠰᠠᠨ ᠳ᠋ᠠᠭᠠᠨ ᠪᠠᠶᠠᠷᠯᠠᠵᠤ᠂ᠠᠯᠳᠠᠬᠤ ᠠ᠋ᠴᠠ ᠰᠡᠷᠡᠮᠵᠢᠯᠡᠨ ᠨᠠᠨᠳᠢᠩᠨᠠᠬᠤ ᠤᠴᠢᠷ ᠲᠠᠢ᠃ᠪᠢᠰᠢᠯᠭᠠᠯ ᠬᠢᠳᠡᠭ ᠦᠭᠡᠢ ᠬᠥᠮᠦᠨ ᠳ᠋ᠦ᠍ ᠰᠣᠨᠣᠷ ᠰᠡᠷᠡᠮᠵᠢ ᠬᠡᠷᠡᠭ ᠦᠭᠡᠢ᠂ᠤᠴᠢᠷ ᠨᠢ ᠲᠡᠭᠦᠨ ᠳ᠋ᠦ᠍ ᠠᠯᠳᠠᠬᠤ ᠶᠠᠭᠤᠮ᠎ᠠ ᠪᠠᠢᠬᠤ ᠦᠭᠡᠢ᠃ᠬᠠᠷᠢᠨ
ᠪᠢᠰᠢᠯᠭᠠᠭᠴᠢ ᠬᠥᠮᠦᠨ ᠦ᠌ ᠡᠪᠦᠷ ᠲᠦ᠍ ᠨᠠᠨᠳᠢᠨ ᠡᠷᠳᠡᠨᠢ ᠪᠣᠢ ᠪᠣᠯᠬᠣᠷ ᠭᠱᠠᠨ ᠪᠦᠷᠢ ᠳ᠋ᠦ᠍ ᠰᠡᠷᠡᠮᠵᠢᠯᠡᠬᠦ ᠬᠡᠷᠡᠭᠲᠡᠢ᠃ᠡᠷᠳᠡᠨᠢ ᠦᠨ᠎ᠡ ᠲᠡᠢ ᠲᠣᠰᠤᠮ ᠢ᠋ᠶ᠋ᠠᠨ ᠠᠯᠳᠠᠬᠤ ᠳ᠋ᠤ᠌ ᠬᠠᠢᠷᠠᠨ᠂ᠣᠷᠭᠢᠯ ᠥᠨᠳᠥᠷ ᠲᠣᠰᠤᠮ ᠢ᠋ᠶ᠋ᠠᠨ ᠣᠴᠢᠬᠤ ᠳ᠋ᠤ᠌ ᠬᠠᠲᠠᠭᠤ᠃
ᠴᠢᠯᠥᠭᠡ ᠤᠴᠠᠷᠠᠯ ᠢ᠋ ᠰᠠᠨᠠᠨ ᠰᠡᠷᠡᠮᠵᠢᠯᠡᠬᠦ
ᠠᠪᠤᠷᠠᠯᠲᠤ ᠪᠤᠷᠬᠠᠨ ᠤ᠋ ᠨᠣᠮ ᠲᠠᠢ ᠤᠴᠠᠷᠠᠵᠤ᠂ᠰᠦᠵᠢᠭ᠌ᠳᠤ ᠬᠥᠮᠦᠨ ᠦ᠌ ᠪᠡᠶ᠎ᠡ ᠶ᠋ᠢ ᠣᠯᠤᠭᠰᠠᠨ ᠠᠷᠢᠭᠤᠨ ᠪᠤᠶᠠᠨ ᠤ᠋ ᠴᠢᠯᠥᠭᠡ ᠤᠴᠠᠷᠠᠯ ᠠᠬᠢᠨ ᠨᠠᠳᠠᠳᠤ ᠣᠯᠲᠠᠯ᠎ᠠ ᠭᠡᠵᠦ ᠤᠤ?ᠡᠨᠡ ᠶᠢᠷᠲᠢᠨᠴᠦ ᠡᠭᠦᠷᠢᠳᠡ ᠶ᠋ᠢᠨ ᠭᠡᠷ ᠪᠢᠰᠢ᠂ᠦᠳᠡᠯᠡᠭᠡᠳ ᠥᠩᠭᠡᠷᠡᠬᠦ ᠪᠠᠭᠤᠳᠠᠯ ᠲᠡᠳᠦᠢ᠃ᠨᠣᠮᠴᠢ ᠬᠥᠮᠦᠨ ᠦ᠌ ᠦᠬᠦᠯ ᠪᠠᠶᠠᠷ ᠪᠠᠶᠠᠰᠬᠤᠯᠠᠩ᠂ᠨᠣᠮ ᠦᠭᠡᠢ ᠬᠥᠮᠦᠨ ᠦ᠌ ᠦᠬᠦᠯ ᠭᠡᠮᠰᠢᠯ ᠬᠠᠷᠠᠮᠰᠠᠯ ᠭᠡᠵᠦ ᠠᠳᠢᠱᠠ ᠪᠣᠭᠳᠠ ᠠᠢᠯᠠᠳᠤᠭᠰᠠᠨ ᠪᠠᠢᠳᠠᠭ᠃ᠨᠣᠮ ᠪᠤᠶᠤ 《ᠳ᠋ᠷᠮᠡ》 ᠭᠡᠳᠡᠭ ᠨᠢ ᠵᠢᠷ ᠦ᠋ᠨ ᠨᠢᠭᠡᠨ ᠮᠡᠳᠡᠯᠭᠡ ᠪᠣᠯᠪᠠᠰᠤᠷᠠᠯ ᠪᠢᠰᠢ᠃ᠦᠨᠡᠨ ᠦ᠌ ᠪᠣᠳᠠᠲᠤ ᠲᠤᠷᠰᠢᠯᠭ᠎ᠠ ᠪᠢᠰᠢᠯᠭᠠᠯ ᠠ᠋ᠴᠠ ᠡᠭᠦᠰᠬᠦ ᠪᠢᠯᠢᠭ ᠤᠬᠠᠭᠠᠨ ᠢ᠋ ᠬᠡᠯᠡᠵᠦ ᠪᠠᠢᠭ᠎ᠠ ᠶᠤᠮ ᠃ ᠰᠣᠨᠣᠰᠴᠤ ᠪᠤᠶᠤ ᠤᠩᠰᠢᠵᠤ ᠣᠯᠵᠤ ᠠᠪᠤᠭᠰᠠᠨ ᠮᠡᠳᠡᠯᠭᠡ ᠶ᠋ᠢᠨ ᠤᠬᠠᠭᠠᠨ ᠭᠡᠵᠦ ᠪᠠᠢᠳᠠᠭ᠃ᠲᠡᠭᠦᠨ ᠢ᠋ ᠪᠡᠨ ᠤᠴᠢᠷ ᠰᠢᠯᠲᠠᠭᠠᠨ ᠤ᠋ ᠬᠦᠷᠢᠶᠡᠨ ᠳ᠋ᠦ᠍ ᠴᠡᠭᠴᠡᠯᠡᠨ ᠪᠣᠳᠣᠵᠤ᠂ᠨᠠᠷᠢᠪᠴᠢᠯᠠᠨ ᠬᠥᠭᠵᠢᠭᠦᠯᠦᠭᠰᠡᠨ ᠪᠣᠯᠪᠠᠰᠤᠷᠠᠯ ᠤ᠋ᠨ ᠤᠬᠠᠭᠠᠨ ᠭᠡᠵᠦ ᠪᠣᠢ᠃ᠪᠢᠰᠢᠯᠭᠠᠯ ᠤ᠋ᠨ ᠪᠢᠯᠢᠭ ᠤᠬᠠᠭᠠᠨ ᠯᠠ ᠬᠥᠮᠦᠨ ᠢ᠋ ᠬᠤᠪᠢᠷᠠᠭᠠᠬᠤ ᠪᠣᠯᠤᠨ᠎ᠠ᠃ᠨᠢᠭᠡ ᠠᠮᠢᠳᠤᠷᠠᠯ ᠤ᠋ᠨ ᠮᠥᠴᠡᠯᠭᠡ ᠳᠠᠭᠤᠰᠴᠤ᠂ᠪᠦᠬᠦ ᠶᠠᠭᠤᠮᠠᠰ ᠡᠮᠬᠢ ᠵᠠᠮᠪᠠᠷᠠᠭ᠎ᠠ ᠦᠭᠡᠢ ᠲᠥᠯᠥᠪ ᠲᠦ᠍ ᠣᠷᠣᠵᠤ᠂ᠴᠣ ᠰᠢᠨ᠎ᠡ ᠪᠡᠷ ᠠᠬᠢᠨ ᠡᠮᠬᠢᠯᠡᠬᠦ ᠣᠨᠴᠠᠭᠠᠢ ᠭᠱᠠᠨ᠂ᠡᠨᠡ ᠭᠱᠠᠨ ᠳ᠋ᠤ᠌ ᠳᠠᠯᠳᠠ ᠤᠬᠠᠮᠰᠠᠷ ᠲᠤ᠌ ᠬᠠᠳᠠᠭᠠᠯᠠᠭᠳᠠᠭᠰᠠᠨ ᠬᠠᠮᠤᠭ ᠤ᠋ᠨ ᠬᠦᠴᠦᠲᠡᠢ ᠳᠠᠳᠤᠯ ᠪᠣᠯᠤᠭᠰᠠᠨ ᠦᠢᠯᠡ ᠶ᠋ᠢᠨ ᠦᠷ᠎ᠡ ᠰᠡᠷᠡᠬᠦ ᠠᠭᠠᠳ ᠴᠣᠬᠣᠮ ᠲᠡᠷᠡᠬᠦ ᠰᠡᠷᠡᠭᠰᠡᠨ ᠦᠢᠯᠡ ᠶ᠋ᠢᠨ ᠬᠦᠴᠦ᠂ᠰᠢᠨ᠎ᠡ ᠶᠢᠷᠲᠢᠨᠴᠦ ᠶ᠋ᠢ ᠡᠮᠬᠢᠯᠡᠬᠦ ᠵᠠᠯᠠᠭᠤᠷ ᠪᠣᠯᠳᠠᠭ᠃ᠡᠢᠮᠦ ᠳᠦ ᠦᠢᠯᠡ ᠶ᠋ᠢᠨ ᠦᠷ᠎ᠡ ᠪᠣᠯ ᠪᠠᠢᠭᠠᠯᠢ ᠶ᠋ᠢᠨ ᠬᠠᠤᠯᠢ ᠶᠤᠮ ᠠ᠋!
ᠪᠤᠶᠠᠨ ᠭᠡᠵᠦ ᠶᠠᠭᠤ ᠪᠣᠢ
ᠡᠷᠡᠭᠦᠯ ᠰᠠᠷᠠᠭᠤᠯ ᠤᠬᠠᠮᠰᠠᠷ ᠤ᠋ᠨ ᠠᠮᠢ ᠠᠮᠢᠰᠬᠤᠯ ᠰᠢᠩᠭᠡᠭᠰᠡᠨ ᠦᠢᠯᠡᠳᠦᠯ ᠪᠦᠬᠦᠨ ᠪᠤᠶᠠᠨ᠃ᠤᠬᠠᠮᠰᠠᠷᠯᠢᠭ ᠦᠢᠯᠡ ᠦᠷᠭᠦᠯᠵᠢ ᠪᠦᠲᠦᠭᠡᠯᠴᠢ ᠪᠠᠢᠳᠠᠭ᠃ᠪᠦᠲᠦᠭᠡᠯᠴᠢ ᠦᠢᠯᠡᠰ ᠳᠣᠲᠣᠭᠰᠢ ᠪᠠᠨ ᠵᠢᠷᠭᠠᠯ ᠲᠠᠭᠠᠰᠢᠶᠠᠯ ᠪᠣᠯᠤᠨ ᠠᠭᠤᠰᠴᠤ᠂ᠭᠠᠳᠠᠭᠰᠢ ᠨᠢᠭᠦᠯᠡᠰᠦᠯ ᠬᠠᠢᠷ᠎ᠠ ᠪᠣᠯᠤᠨ ᠰᠠᠴᠤᠷᠠᠳᠠᠭ᠃ᠬᠡᠳᠦᠢ ᠴᠢᠨᠡᠭᠡ ᠪᠦᠲᠦᠭᠡᠯᠴᠢ ᠪᠣᠯᠤᠨ᠎ᠠ᠂ᠲᠡᠳᠦᠢ ᠴᠢᠨᠡᠭᠡᠨ ᠪᠤᠷᠬᠠᠨᠯᠢᠭ ᠪᠣᠯᠤᠨ᠎ᠠ᠃ᠡᠨᠡ ᠪᠣᠯ ᠠᠮᠢᠳᠤᠷᠠᠬᠤᠢ ᠶ᠋ᠢᠨ ᠤᠷᠠᠯᠢᠭ ᠶᠤᠮ᠂ᠠᠮᠢᠳᠤᠷᠠᠬᠤ ᠤᠷᠠᠯᠢᠭ ᠢ᠋ ᠡᠵᠡᠮᠰᠢᠭᠰᠡᠨ ᠬᠥᠮᠦᠨ ᠢ᠋ ᠪᠣᠳᠢᠰᠠᠳ᠋ᠸ᠎ᠠ ᠭᠡᠳᠡᠭ᠃ᠪᠤᠶᠠᠨ ᠪᠣᠯ ᠭᠠᠳᠠᠨ᠎ᠠ ᠦᠢᠯᠡᠳᠦᠯ ᠲᠡᠢ ᠪᠢᠰᠢ᠂ᠳᠣᠲᠣᠷ᠎ᠠ ᠠᠭᠤᠯᠭ᠎ᠠ ᠲᠠᠢ ᠪᠠᠢᠳᠠᠭ ᠶᠤᠮ᠃ᠶᠠᠭᠤ ᠬᠢᠵᠦ ᠪᠠᠢᠭ᠎ᠠ ᠳ᠋ᠠᠭᠠᠨ ᠪᠢᠰᠢ᠂ᠶᠠᠭᠠᠬᠢᠵᠤ ᠬᠢᠵᠦ ᠪᠠᠢᠭ᠎ᠠ ᠳ᠋ᠠᠭᠠᠨ ᠶᠤᠮ ᠰᠠᠨᠵᠠᠢ᠃ᠲᠡᠢᠮᠦ ᠪᠣᠯᠬᠣᠷ ᠬᠡᠯᠪᠡᠷᠢ ᠶ᠋ᠢᠨ ᠲᠡᠳᠦᠢ ᠪᠤᠶᠠᠨ ᠦᠢᠯᠡᠳᠬᠦ ᠭᠡᠵᠦ ᠬᠠᠢᠷᠠᠨ ᠴᠠᠭ ᠢ᠋ᠶ᠋ᠠᠨ ᠪᠤᠤ ᠦᠷ᠎ᠡ᠃
ᠡᠭᠡᠷᠡᠯ
ᠴᠡᠴᠡᠭᠯᠡᠨ ᠳᠡᠯᠭᠡᠷᠡᠬᠦ ᠪᠤᠶᠠᠨ ᠤ᠋ ᠦᠨᠳᠦᠰᠦ ᠨᠢ ᠴᠢᠩ ᠬᠦ᠌ ᠡᠭᠡᠷᠡᠯ ᠭᠡᠵᠦ ᠪᠤᠷᠬᠠᠳ ᠰᠤᠷᠭᠠᠭᠰᠠᠨ᠃ᠡᠭᠡᠷᠡᠯ ᠦ᠋ᠨ ᠦᠨᠳᠦᠰᠦ ᠶ᠋ᠢ ᠪᠥᠬᠡᠯᠡᠶᠡ ᠭᠡᠪᠡᠯ ᠦᠢᠯᠡ ᠶ᠋ᠢᠨ ᠦᠷ᠎ᠡ ᠶ᠋ᠢ ᠦᠷᠭᠦᠯᠵᠢ ᠪᠢᠰᠢᠯᠭᠠᠯᠲᠠᠢ᠃ᠡᠭᠡᠷᠡᠯ ᠪᠣᠯ ᠪᠣᠳᠢ ᠮᠥᠷ ᠢ᠋ᠶ᠋ᠡᠷ ᠠᠷᠢᠭᠤᠰᠴᠤ ᠠᠮᠢᠳᠤᠷᠠᠬᠤ ᠴᠢᠭ ᠡᠷᠡᠮᠡᠯᠵᠡᠯᠡᠯ ᠶᠦ᠍ᠮ᠃ᠦᠢᠯᠡ ᠶ᠋ᠢᠨ ᠦᠷ᠎ᠡ ᠶ᠋ᠢ ᠤᠬᠠᠭᠠᠷᠠᠵᠤ ᠲᠠᠨᠢᠭᠰᠠᠨ ᠬᠥᠮᠦᠨ ᠦ᠌ ᠠᠮᠢᠳᠤᠷᠠᠯ ᠠᠶᠠᠨᠳᠠᠭᠠᠨ ᠵᠥᠪ ᠭᠤᠯᠳᠤᠷᠢᠯ ᠢ᠋ᠶ᠋ᠠᠷ ᠣᠷᠣᠰᠢᠬᠤ ᠠᠵᠢ᠃ᠤᠴᠢᠷ ᠨᠢ ᠦᠢᠯᠡ ᠶ᠋ᠢᠨ ᠦᠷ᠎ᠡ ᠪᠣᠯ ᠠᠮᠢᠳᠤᠷᠠᠯ ᠤ᠋ᠨ
ᠳᠣᠲᠣᠭᠠᠳᠤ ᠬᠠᠤᠯᠢ ᠶᠤᠮ᠃ᠦᠢᠯᠡ ᠶ᠋ᠢᠨ ᠦᠷ᠎ᠡ ᠶ᠋ᠢ ᠣᠢᠯᠭᠠᠭᠰᠠᠨ ᠬᠥᠮᠦᠨ ᠠᠮᠢᠳᠤᠷᠠᠯ ᠠ᠋ᠴᠠ ᠠᠶᠤᠬᠤ ᠠᠢᠳᠠᠰ ᠦᠭᠡᠢ ᠪᠣᠯᠵᠤ᠂ᠵᠢᠷᠤᠭᠰᠠᠨ ᠵᠢᠷᠤᠭ᠂ᠲᠥᠷᠥᠭᠰᠡᠨ ᠲᠥᠭᠡᠷᠭᠡ ᠭᠡᠵᠦ ᠦᠢᠯᠡ ᠥᠷᠲᠥᠵᠦ ᠶᠠᠪᠤᠬᠤ ᠦᠭᠡᠢ᠃ᠤᠴᠢᠷ ᠨᠢ ᠬᠤᠪᠢ ᠵᠣᠬᠢᠶᠠᠯ ᠢ᠋ ᠥᠭᠡᠷᠡᠴᠢᠯᠡᠬᠦ ᠪᠣᠯᠤᠮᠵᠢ᠂ᠰᠢᠨ᠎ᠡ ᠪᠡᠷ ᠲᠤᠭᠤᠷᠪᠢᠬᠤ ᠰᠣᠩᠭᠣᠯᠲᠠ᠂ᠠᠮᠢᠳᠤᠷᠠᠯ ᠤ᠋ᠨ ᠭᠱᠠᠨ ᠪᠦᠷᠢ ᠳ᠋ᠦ᠍ ᠠᠬᠤᠭᠤᠯᠤᠭᠠᠰᠤᠲᠠᠢ ᠪᠠᠢᠳᠠᠭ᠃ᠠᠮᠢᠳᠤᠷᠠᠯ ᠥᠪᠡᠷ ᠢ᠋ᠶ᠋ᠡᠨ ᠵᠠᠢᠯᠠᠰᠢ ᠦᠭᠡᠢ᠂ᠰᠠᠨᠠᠮᠰᠠᠷ ᠦᠭᠡᠢ ᠬᠣᠶᠠᠷ ᠤ᠋ᠨ ᠰᠢᠳᠦᠨ ᠪᠠᠷᠢᠯᠳᠤᠯᠭ᠎ᠠ ᠶᠤᠮ᠃ᠬᠠᠢᠭᠰᠠᠨ ᠭᠠᠷᠠᠭ ᠤ᠋ᠨ ᠲᠣᠳᠣᠷᠬᠠᠢ ᠦᠭᠡᠢ ᠶ᠋ᠢᠨ ᠵᠠᠷᠴᠢᠮ ᠨᠢ ᠪᠤᠳ᠋ᠳ᠋ᠾᠠ ᠶᠢᠨ ᠦᠢᠯᠡ ᠶ᠋ᠢᠨ ᠦᠷ᠎ᠡ
ᠶ᠋ᠢᠨ ᠣᠨᠣᠯ ᠤ᠋ᠨ ᠨᠢᠭᠡ ᠲᠠᠯ᠎ᠠ ᠭᠡᠰᠡᠨ ᠦᠭᠡ᠃ᠬᠡᠷᠪᠡ ᠵᠢᠷᠤᠭᠰᠠᠨ ᠵᠢᠷᠤᠭ᠂ᠬᠥᠳᠡᠯᠦᠰᠢ ᠦᠭᠡᠢ ᠬᠤᠪᠢ ᠲᠠᠪᠢᠯᠠᠩ ᠪᠠᠢᠳᠠᠭ ᠪᠣᠯ ᠰᠡᠷᠭᠡᠭ ᠰᠡᠬᠡᠭᠡᠯᠢᠭ ᠶᠠᠪᠤᠬᠤ ᠶ᠋ᠢᠨ ᠬᠡᠷᠡᠭ ᠶᠠᠭᠤᠨ?ᠡᠭᠦᠷᠮᠡᠭ ᠵᠡᠭᠦᠷᠮᠡᠭ ᠶᠠᠪᠤᠯ᠎ᠠ ᠴᠤ᠌ ᠵᠢᠷᠤᠭᠰᠠᠨ ᠵᠢᠷᠤᠭ ᠢ᠋ᠶ᠋ᠠᠷ ᠢ᠋ᠶ᠋ᠠᠨ ᠶᠠᠪᠤᠬᠤ ᠨᠢ᠃ᠪᠤᠷᠬᠠᠨ ᠪᠠᠭᠰᠢ᠂ᠮᠠᠭᠤ ᠡᠳᠦᠷ ᠮᠠᠭᠤ ᠴᠠᠭ ᠲᠤ᠌ ᠠᠵᠢᠯ ᠬᠢᠭᠰᠡᠨ ᠡᠴᠡ ᠪᠣᠯᠵᠤ ᠭᠠᠢ ᠵᠣᠪᠠᠯᠠᠩ ᠲᠣᠬᠢᠶᠠᠯ᠎ᠠ ᠭᠡᠵᠦ ᠶᠠᠷᠢᠵᠤ ᠪᠠᠢᠭ᠎ᠠ ᠦᠭᠡᠢ᠂ᠬᠠᠷᠢᠨ ᠡᠢᠮᠦ ᠦᠢᠯᠡ ᠶ᠋ᠢᠨ ᠦᠷ᠎ᠡ ᠪᠡᠷ ᠯᠡ ᠲᠡᠢᠮᠦ ᠶᠠᠪᠤᠳᠠᠯ ᠪᠣᠯᠤᠯ᠎ᠠ ᠭᠡᠬᠦᠴᠢᠯᠡᠨ ᠲᠠᠢᠯᠪᠤᠷᠢᠯᠠᠳᠠᠭ ᠪᠠᠢᠭᠰᠠᠨ᠃ᠲᠡᠭᠡᠬᠦ ᠪᠡᠷ ᠵᠢᠩᠬᠢᠨᠢ ᠪᠤᠳ᠋ᠳ᠋ᠾᠠ ᠶᠢᠨ ᠰᠠᠳᠬᠢᠬᠦᠨ ᠤ ᠬᠤᠪᠢ ᠳ᠋ᠤ᠌ ᠮᠠᠭᠤ ᠡᠳᠦᠷ᠂ᠮᠠᠭᠤ ᠴᠠᠭ ᠭᠡᠵᠦ ᠪᠠᠢᠬᠤ ᠤᠴᠢᠷ ᠦᠭᠡᠢ ᠭᠡᠵᠦ ᠳᠠᠯᠠᠢ ᠪᠠᠭᠰᠢ ᠠᠢᠯᠠᠳᠴᠠᠢ᠃
ᠡᠳᠦᠷ ᠪᠦᠬᠦᠨ ᠥᠯᠵᠡᠢ᠂ ᠭᠠᠷᠠᠭ ᠪᠦᠬᠦᠨ ᠰᠠᠢᠬᠠᠨ᠂
ᠮᠠᠭᠤ ᠰᠡᠳᠬᠢᠯ ᠢ᠋ᠶ᠋ᠡᠨ ᠢᠯᠠᠭᠰᠠᠨ ᠪᠦᠬᠦᠨ ᠠᠷᠢᠭᠤᠨ!
ᠮᠤᠩᠬᠠᠭ ᠤ᠋ᠨ ᠨᠣᠢᠷ ᠠ᠋ᠴᠠ ᠰᠡᠷᠡᠭᠰᠡᠨ ᠪᠦᠬᠦᠨ ᠲᠩᠷᠢᠯᠢᠭ ᠭᠡᠵᠦ ᠨᠠᠢ᠍ᠮᠠᠨ ᠭᠡᠭᠡᠨ ᠰᠤᠳᠤᠷ ᠲᠦ ᠥᠭᠦᠯᠡᠵᠡᠢ᠃
ᠵᠣᠪᠠᠭᠰᠠᠨ ᠤ᠋ ᠡᠴᠦᠰ ᠲᠦ᠍ ᠵᠢᠷᠭᠠᠬᠤ ᠶᠣᠰᠣᠲᠠᠢ᠂ᠵᠢᠷᠭᠠᠭᠰᠠᠨ ᠤ᠋ ᠡᠴᠦᠰ ᠲᠦ᠍ ᠵᠣᠪᠠᠬᠤ ᠶᠣᠰᠣᠲᠠᠢ ᠶᠤᠮ ᠰᠢᠭ᠋ ᠬᠥᠮᠥᠰ
ᠪᠣᠳᠣᠳᠠᠭ᠃ᠭᠡᠪᠡᠴᠦ ᠮᠤᠩᠬᠠᠭ ᠬᠡᠪ ᠢ᠋ᠶ᠋ᠡᠷ ᠢ᠋ᠶ᠋ᠡᠨ ᠶᠠᠪᠤᠪᠠᠯ ᠦᠷᠭᠦᠯᠵᠢᠯᠡᠭᠦᠯᠵᠦ ᠵᠣᠪᠠᠭᠠᠳ ᠪᠠᠢᠬᠤ ᠠ᠋ᠴᠠ ᠪᠢᠰᠢ᠂ᠥᠭᠡᠳᠡ ᠨᠠᠷᠠ ᠬᠠᠷᠠᠬᠤ ᠴᠠᠭ ᠦᠭᠡᠢ᠃ᠪᠠᠰᠠ ᠭᠡᠭᠡᠷᠡᠬᠦ ᠲᠣᠰᠤᠮ ᠵᠢᠷᠭᠠᠯ ᠨᠡᠮᠡᠭᠡᠳ ᠪᠠᠢᠬᠤ ᠠ᠋ᠴᠠ ᠪᠢᠰᠢ᠂ᠵᠣᠪᠠᠵᠤ ᠭᠠᠰᠠᠯᠬᠤ ᠨᠢ ᠬᠠᠮᠢᠭ᠎ᠠ ᠪᠣᠢ !ᠭᠠᠰᠠᠯᠵᠤ ᠭᠠᠨᠢᠷᠬᠠᠭᠠᠳ ᠪᠠᠢᠭ᠎ᠠ ᠪᠣᠯ ᠮᠤᠩᠬᠠᠭ ᠶᠠᠪᠤᠭ᠎ᠠ ᠶ᠋ᠢᠨ ᠰᠢᠨᠵᠢ ᠠ᠋᠃ᠵᠢᠷᠭᠠᠯ ᠵᠣᠪᠠᠯᠠᠩ ᠭᠡᠳᠡᠭ ᠴᠢᠨᠢ ᠭᠠᠳᠠᠨ᠎ᠠ ᠳᠣᠲᠣᠨ᠎ᠠ ᠲᠤᠰᠤᠭᠳᠠᠬᠤᠨ ᠪᠢᠰᠢ᠂ᠳᠣᠲᠣᠭᠠᠳᠤ ᠰᠠᠷᠠᠯ ᠮᠡᠳᠡᠷᠡᠬᠦᠢ ᠶ᠋ᠢᠨ ᠲᠤᠰᠬᠠᠯ ᠶᠤᠮ᠃ ᠠᠮᠢᠳᠤᠷᠠᠯ ᠤ᠋ᠨ ᠳᠣᠲᠣᠭᠠᠳᠤ ᠬᠠᠤᠯᠢ ᠶ᠋ᠢ ᠭᠦᠨ ᠣᠢᠯᠭᠠᠬᠤ ᠲᠣᠰᠤᠮ ᠵᠣᠪᠠᠯᠠᠩ ᠪᠣᠯ ᠨᠢᠭᠦᠯ᠂ᠵᠢᠷᠭᠠᠯ ᠪᠣᠯ ᠪᠤᠶᠠᠨ ᠭᠡᠵᠦ ᠲᠠᠢᠯᠤᠭᠳᠠᠨ᠎ᠠ᠃ᠬᠡᠬᠡᠷᠡᠭᠰᠡᠨ ᠬᠥᠮᠦᠨ ᠦ᠌ ᠬᠠᠮᠢᠭ᠎ᠠ ᠪᠠᠢᠭ᠎ᠠ ᠭᠠᠵᠠᠷ ᠪᠦᠬᠦᠨ ᠨᠢ ᠳ᠋ᠧᠪᠠᠵᠠᠨ᠃
ᠨᠢᠰᠸᠠᠨᠢᠰ ᠢ᠋ ᠰᠠᠨᠠᠨ ᠰᠡᠷᠡᠮᠵᠢᠯᠡᠬᠦ ᠨᠢ
ᠣᠷᠣᠯᠳᠣᠬᠤ ᠬᠥᠯ ᠪᠠᠷᠢᠯᠳᠤᠬᠤ ᠭᠠᠷ ᠦᠭᠡᠢ ᠴᠦ᠍᠂ᠤᠷᠢᠨ ᠲᠠᠴᠢᠶᠠᠯ ᠨᠠᠮ᠎ᠠ ᠶ᠋ᠢ ᠲᠠᠢᠯᠵᠤ ᠤᠤ?ᠪᠠᠭᠠᠲᠤᠷ ᠤ᠋ᠨ ᠵᠣᠷᠢᠭ ᠪᠠᠰᠢᠷ ᠤ᠋ᠨ ᠵᠠᠯᠢ ᠦᠭᠡᠢ ᠴᠦ᠍᠂ᠪᠠᠯᠠᠢ ᠨᠢᠰᠸᠠᠨᠢᠰ ᠨᠠᠮ᠎ᠠ ᠶ᠋ᠢ ᠳᠥᠷᠥᠯᠡᠵᠦ ᠤᠤ?ᠨᠢᠰᠸᠠᠨᠢᠰ ᠭᠡᠰᠡᠨ ᠦᠭᠡ ᠵᠣᠪᠠᠯᠠᠩ ᠰᠢᠨᠠᠯᠠᠭᠠᠯ ᠭᠡᠰᠡᠨ ᠦᠭᠡ᠃ᠵᠢᠩᠬᠢᠨᠢ ᠵᠣᠪᠠᠯᠠᠩ ᠢ᠋ᠶ᠋ᠠᠨ ᠣᠨᠣᠰᠢᠯᠠᠵᠤ ᠴᠢᠳᠠᠪᠠᠯ᠂ᠪᠤᠰᠤᠳ ᠠ᠋ᠴᠠ ᠪᠤᠷᠤᠭᠤ ᠶ᠋ᠢ ᠡᠷᠢᠵᠦ᠂ᠭᠠᠳᠠᠭᠠᠳᠤ ᠶᠢᠷᠲᠢᠨᠴᠦ ᠲᠡᠢ ᠲᠡᠮᠡᠴᠡᠯ ᠲᠤᠯᠤᠯᠳᠤᠭᠠᠨ ᠬᠢᠵᠦ ᠶᠠᠪᠤᠳᠠᠭ ᠳᠡᠮᠡᠢᠷᠡᠯ ᠡᠴᠡ ᠰᠠᠯᠤᠨ᠎ᠠ᠃ᠢᠮᠠᠭᠲᠠ ᠭᠠᠳᠠᠭᠰᠢ ᠪᠠᠨ ᠬᠠᠷᠠᠳᠠᠭ ᠨᠢᠳᠦ ᠮᠠᠨᠢ ᠳᠣᠲᠣᠭᠰᠢ ᠪᠠᠨ ᠡᠷᠭᠢᠵᠦ᠂ᠤᠳᠬ᠎ᠠ ᠤᠴᠢᠷ ᠦᠭᠡᠢ ᠲᠡᠮᠡᠴᠡᠯ ᠳ᠋ᠦ᠍ ᠦᠷᠡᠭᠳᠡᠳᠡᠭ ᠡᠨᠧᠷᠭᠢ ᠮᠢᠨᠢ ᠤᠬᠠᠮᠰᠠᠷᠯᠠᠬᠤ ᠶ᠋ᠢᠨ ᠵᠦᠭ ᠤᠷᠤᠰᠴᠤ ᠡᠬᠢᠯᠡᠨ᠎ᠡ᠃ᠪᠢᠰᠢᠯᠭᠠᠯ ᠳ᠋ᠤ᠌ ᠣᠷᠣᠵᠤ ᠳᠣᠲᠣᠭᠠᠳᠤ ᠦᠢᠯᠡ ᠶᠠᠪᠤᠳᠠᠯ ᠢ᠋ ᠠᠵᠢᠭᠯᠠᠬᠤ ᠶ᠋ᠢᠨ ᠲᠤᠯᠠᠳᠠ ᠲᠣᠳᠣᠷᠬᠠᠢ ᠠᠯᠤᠰᠯᠠᠯ ᠬᠡᠷᠡᠭ ᠲᠡᠢ᠃ᠨᠢᠰᠸᠠᠨᠢᠰ ᠪᠤᠶᠤ ᠰᠡᠳᠬᠢᠯ ᠦ᠋ᠨ ᠦᠵᠡᠭᠳᠡᠯ ᠲᠡᠢ ᠪᠡᠨ ᠢᠵᠢᠯᠰᠤᠨ ᠪᠠᠷᠢᠴᠠᠯᠳᠤᠵᠤ ᠣᠷᠬᠢᠳᠠᠭ ᠲᠤ᠌ ᠪᠢᠳᠡᠨ ᠦ᠌ ᠠᠯᠳᠠᠭ᠎ᠠ ᠣᠷᠣᠰᠢᠳᠠᠭ ᠶᠤᠮ᠃ᠡᠨᠡ ᠪᠠᠷᠢᠴᠠᠯᠳᠤᠭᠠ ᠶ᠋ᠢ ᠰᠤᠯᠠᠷᠠᠭᠤᠯᠬᠤ ᠠᠷᠭ᠎ᠠ ᠨᠢ ᠨᠢᠰᠸᠠᠨᠢᠰ ᠢ᠋ ᠵᠠᠭᠤᠷᠠᠳᠤ ᠶ᠋ᠢᠨ ᠦᠵᠡᠭᠳᠡᠯ ᠭᠡᠵᠦ ᠤᠬᠠᠭᠠᠷᠠᠬᠤ ᠶᠠᠪᠤᠳᠠᠯ ᠶᠤᠮ᠃
ᠭᠠᠢᠬᠠᠯ ᠨᠢᠰᠸᠠᠨᠢᠰ ᠢ᠋ ᠠᠵᠢᠨ ᠰᠢᠨᠵᠢᠪᠡᠰᠦ ᠭᠠᠳᠠᠭᠠᠳᠤ ᠦᠵᠡᠭᠳᠡᠯ ᠴᠦ᠍ ᠠᠯᠠᠭ᠎ᠠ᠂ᠳᠣᠲᠣᠭᠠᠳᠤ ᠰᠡᠷᠡᠬᠦᠢ ᠳ᠋ᠦ᠍ ᠴᠦ᠍ ᠠᠯᠠᠭ᠎ᠠ᠂ᠭᠠᠳᠠᠨ᠎ᠠ ᠳᠣᠲᠣᠨ᠎ᠠ ᠶ᠋ᠢᠨ ᠵᠠᠪᠰᠠᠷ ᠲᠤ᠌ ᠴᠤ᠌ ᠠᠯᠠᠭ᠎ᠠ ᠃ᠬᠠᠮᠢᠭ᠎ᠠ ᠴᠤ᠌ ᠣᠷᠣᠰᠢᠬᠤ ᠣᠷᠣᠨ ᠦᠭᠡᠢ ᠲᠡᠷᠡ᠂ᠬᠠᠮᠢᠭ᠎ᠠ ᠠ᠋ᠴᠠ ᠢᠷᠡᠭᠡᠳ ᠠᠮᠢᠲᠠᠨ ᠢ᠋ ᠬᠣᠣᠷᠯᠠᠨ᠎ᠠ ᠪᠣᠢ?ᠬᠡᠢ ᠦᠵᠡᠭᠳᠡᠯ ᠲᠡᠳᠦᠢ ᠲᠡᠭᠦᠨ ᠡᠴᠡ ᠭᠡᠯᠮᠡᠭᠳᠡᠨ ᠰᠣᠴᠢᠬᠤ ᠤᠴᠢᠷ ᠶᠠᠭᠤᠨ?ᠪᠢᠯᠢᠭ ᠦ᠋ᠨ ᠬᠠᠷᠠᠭ᠎ᠠ ᠬᠤᠷᠴᠠᠯᠠᠬᠤ ᠲᠣᠰᠤᠮ ᠬᠡᠢ ᠦᠵᠡᠭᠳᠡᠯ ᠠᠶᠠᠨᠳᠠᠭᠠᠨ ᠵᠠᠮᠬᠠᠷᠠᠬᠤ ᠪᠣᠯᠤᠨ᠎ᠠ᠂ᠨᠢᠭᠡᠨᠲᠡ ᠳᠠᠢᠰᠤᠨ ᠪᠠᠢᠬᠤ ᠦᠭᠡᠢ ᠬᠣᠢᠨ᠎ᠠ ᠢᠯᠠᠭᠴᠢ ᠢᠯᠠᠭᠳᠠᠭᠴᠢ ᠤᠳᠬ᠎ᠠ ᠠᠯᠠᠭ᠎ᠠ᠃ᠢᠯᠠᠬᠤ ᠢᠯᠠᠭᠳᠠᠬᠤ ᠠ᠋ᠴᠠ ᠠᠩᠭᠢᠳᠠ᠂ᠲᠡᠮᠡᠴᠡᠯ ᠲᠤᠯᠤᠯᠳᠤᠭᠠᠨ ᠠ᠋ᠴᠠ ᠴᠢᠨᠠᠳᠤ ᠳ᠋ᠤ᠌ ᠠᠮᠤᠷ ᠲᠦᠪᠰᠢᠨ ᠰᠠᠭᠤᠬᠤ ᠨᠢ ᠪᠢᠰᠢᠯᠭᠠᠯ ᠴᠡᠴᠡᠭᠯᠡᠭᠰᠡᠨ ᠬᠣᠷᠣᠮ᠃
ᠰᠡᠳᠬᠢᠯ ᠢ᠋ᠶ᠋ᠡᠨ ᠬᠠᠮᠠᠭᠠᠯᠠᠬᠤ ᠶ᠋ᠢᠨ ᠤᠴᠢᠷ
ᠰᠠᠬᠢᠯ ᠰᠤᠷᠲᠠᠯ ᠢ ᠮᠣᠷᠳᠠᠶ᠎ᠠ ᠭᠡᠪᠡᠯ ᠰᠠᠨᠠᠭ᠎ᠠ ᠰᠡᠳᠬᠢᠯ ᠢ᠋ᠶ᠋ᠡᠨ ᠯᠡ ᠰᠠᠬᠢᠨ ᠬᠠᠮᠠᠭᠠᠯᠠ!ᠰᠠᠨᠠᠭ᠎ᠠ ᠰᠡᠳᠬᠢᠯ ᠢ᠋ᠶ᠋ᠡᠨ ᠰᠠᠬᠢᠵᠤ ᠴᠢᠳᠠᠪᠠᠯ᠂ᠰᠠᠬᠢᠯ ᠰᠤᠷᠲᠠᠯ ᠢ ᠮᠥᠷᠳᠡᠵᠦ ᠴᠢᠳᠠᠨ᠎ᠠ᠃
ᠪᠣᠳᠢ ᠰᠡᠳᠬᠢᠯ ᠦ᠋ᠨ ᠭᠤᠷᠪᠠᠨ ᠲᠥᠷᠥᠯ ᠦ᠋ᠨ ᠰᠠᠬᠢᠯ ᠰᠤᠷᠲᠠᠯ ᠪᠠᠢᠳᠠᠭ᠃
ᠡᠬᠢᠨ ᠦ᠌ ᠬᠢ ᠨᠢ ᠶᠣᠰᠣ ᠰᠤᠷᠲᠠᠬᠤᠨ ᠤ᠋ ᠰᠠᠬᠢᠯ ᠪᠤᠶᠤ ᠡᠨᠡᠷᠢᠯ ᠨᠢᠭᠦᠯᠡᠰᠦᠯ ᠢ ᠠᠮᠢᠳᠤᠷᠠᠯ ᠤ᠋ᠨ ᠵᠠᠷᠴᠢᠮ ᠪᠣᠯᠭᠠᠨ ᠮᠥᠷᠳᠡᠬᠦ᠃
ᠤᠳᠠᠭᠠᠬᠢ ᠨᠢ ᠰᠠᠮᠠᠳᠢ ᠪᠢᠰᠢᠯᠭᠠᠯ ᠤ᠋ᠨ ᠰᠠᠬᠢᠯ ᠪᠤᠶᠤ ᠡᠨᠡᠷᠢᠯ ᠨᠢᠭᠦᠯᠡᠰᠦᠯ ᠢ ᠠᠮᠢᠳᠤᠷᠠᠯ ᠤ᠋ᠨ ᠵᠠᠷᠴᠢᠮ ᠪᠣᠯᠭᠠᠨ ᠮᠥᠷᠳᠡᠬᠦ᠃
ᠭᠤᠷᠪᠠᠳᠠᠬᠢ ᠨᠢ ᠪᠢᠯᠢᠭ ᠦ᠋ᠨ ᠴᠢᠨᠠᠷ ᠤ᠋ᠨ ᠰᠠᠬᠢᠯ ᠪᠤᠶᠤ ᠦᠵᠡᠭᠳᠡᠯᠲᠦ ᠣᠷᠴᠢᠯᠠᠩ ᠢ ᠵᠡᠭᠦᠳᠦ ᠮᠡᠲᠦ ᠤᠬᠠᠮᠰᠠᠷᠯᠠᠬᠤ᠃
ᠶᠣᠰᠣ ᠰᠤᠷᠲᠠᠬᠤᠨ ᠤ᠋ ᠰᠠᠬᠢᠯ ᠲᠡᠭᠦᠯᠳᠡᠷᠵᠢᠬᠦ ᠨᠢ ᠰᠠᠮᠠᠳᠢ ᠶ᠋ᠢᠨ ᠰᠠᠬᠢᠯ ᠬᠥᠭᠵᠢᠬᠦ ᠦᠨᠳᠦᠰᠦ ᠪᠣᠯᠤᠨ᠎ᠠ᠃
ᠰᠠᠮᠠᠳᠢ ᠰᠠᠬᠢᠯ ᠲᠡᠭᠦᠯᠳᠡᠷᠵᠢᠪᠡᠯ ᠪᠢᠯᠢᠭ ᠦ᠋ᠨ ᠴᠢᠨᠠᠷ ᠤ᠋ᠨ ᠰᠠᠬᠢᠯ ᠬᠥᠭᠵᠢᠬᠦ ᠶ᠋ᠢᠨ ᠦᠨᠳᠦᠰᠦ ᠪᠣᠯᠤᠨ᠎ᠠ᠃
ᠡᠨᠡ ᠭᠤᠷᠪᠠᠨ ᠰᠠᠬᠢᠯ ᠤ᠋ᠨ ᠬᠦᠴᠦ ᠪᠡᠷ ᠪᠢᠳᠡᠨ ᠦ᠌ ᠰᠡᠳᠬᠢᠯ ᠳ᠋ᠦ᠍ ᠬᠤᠷᠠᠮᠳᠤᠭᠤᠯᠤᠭᠳᠠᠭᠰᠠᠨ ᠢᠯᠡ ᠳᠠᠯᠳᠠ ᠪᠦᠬᠦᠢᠯᠡ ᠭᠬᠢᠷ ᠪᠤᠷᠲᠠᠭ ᠠᠷᠢᠭᠤᠰᠴᠤ᠂ᠭᠡᠭᠡᠨ ᠪᠣᠳᠢ ᠴᠢᠨᠠᠷ ᠮᠢᠨᠢ ᠲᠣᠳᠣᠷᠠᠳᠠᠭ ᠶᠤᠮ᠃ᠲᠡᠭᠡᠬᠦ ᠪᠡᠷ ᠶᠡᠬᠡ ᠬᠥᠯᠭᠡᠨ ᠦ᠌ ᠰᠠᠬᠢᠯ ᠢ ᠰᠠᠬᠢᠬᠤ ᠨᠢ ᠰᠡᠳᠬᠢᠯ ᠢ ᠰᠠᠬᠢᠬᠤ ᠭᠡᠰᠡᠨ ᠦᠭᠡ᠃
ᠰᠡᠳᠬᠢᠯ ᠢ᠋ ᠣᠨᠴᠠᠯᠠᠬᠤ ᠶ᠋ᠢᠨ ᠤᠴᠢᠷ ᠶᠠᠭᠤ ᠪᠣᠢ
ᠨᠢᠭᠦᠯ ᠪᠣᠯᠤᠨ ᠵᠢᠷᠭᠠᠯ ᠵᠣᠪᠠᠯᠠᠩ ᠪᠦᠭᠦᠳᠡ ᠰᠡᠳᠬᠢᠯ ᠦ᠋ᠨ ᠮᠥᠨ ᠴᠢᠨᠠᠷ ᠲᠠᠢ᠃ᠰᠡᠳᠬᠢᠯ ᠠᠷᠢᠭᠤᠨ ᠪᠣᠯ ᠣᠷᠣᠰᠢᠬᠤᠢ ᠠᠷᠢᠭᠤᠨ᠂ᠰᠡᠳᠬᠢᠯ ᠪᠣᠬᠢᠷ ᠪᠣᠯ ᠣᠷᠣᠰᠢᠬᠤᠢ ᠪᠣᠬᠢᠷ᠃ᠭᠠᠳᠠᠨ᠎ᠠ ᠲᠠᠯ᠎ᠠ ᠶ᠋ᠢᠨ ᠰᠢᠯᠲᠠᠭᠠᠨ ᠪᠦᠬᠦᠨ ᠢ᠋ ᠭᠠᠷᠳᠠᠵᠤ ᠶᠠᠩᠵᠤᠯᠠᠭᠠᠳ ᠳᠠᠭᠤᠰᠬᠤ ᠴᠠᠭ ᠦᠭᠡᠢ᠂ᠭᠠᠵᠢᠭᠤ ᠰᠡᠳᠬᠢᠯ ᠢ᠋ᠶ᠋ᠡᠨ ᠯᠡ ᠵᠠᠰᠠᠭᠰᠠᠨ ᠴᠠᠭ ᠲᠤ᠌ ᠭᠠᠢᠬᠠᠯᠳᠤ ᠣᠷᠴᠢᠯᠠᠩ ᠢ᠋ ᠵᠠᠰᠠᠬᠤ ᠱᠠᠭᠠᠷᠳᠠᠯᠭ᠎ᠠ ᠥᠬᠡᠢ᠃ᠠᠮᠢᠳᠤ ᠰᠡᠳᠬᠢᠯ ᠢ᠋ᠶ᠋ᠡᠨ ᠵᠢᠯᠣᠭᠣᠳᠬᠤ ᠶ᠋ᠢ ᠬᠦᠰᠡᠪᠡᠯ᠂ᠠᠵᠢᠭᠯᠠᠨ ᠰᠢᠨᠵᠢᠯᠡᠬᠦ ᠤᠬᠠᠮᠰᠠᠷ ᠶᠤᠭᠠᠨ ᠠᠮᠢᠨ ᠳ᠋ᠤ᠌ ᠲᠤᠯᠪᠠᠴᠤ ᠠᠯᠳᠠᠬᠤ ᠦᠭᠡᠢ ᠪᠠᠢᠬᠤ ᠶ᠋ᠢ ᠠᠯᠠᠭ᠎ᠠ ᠪᠠᠨ ᠬᠠᠪᠰᠤᠷᠤᠨ ᠰᠠᠬᠢᠶᠤ ᠪᠢ᠃
ᠰᠡᠳᠬᠢᠯ ᠢ᠋ᠶ᠋ᠡᠨ ᠬᠠᠮᠠᠭᠠᠯᠠᠬᠤ᠂ᠵᠢᠯᠣᠭᠣᠳᠬᠤ᠂ᠨᠣᠮᠣᠬᠠᠷᠠᠭᠤᠯᠬᠤ ᠭᠡᠬᠦᠴᠢᠯᠡᠨ ᠪᠤᠷᠬᠠᠨ ᠤ᠋ ᠨᠣᠮ ᠳ᠋ᠤ᠌ ᠭᠠᠷᠳᠠᠭ ᠦᠭᠡ ᠪᠣᠯᠭᠠᠨ ᠤᠬᠠᠮᠰᠠᠷᠯᠠᠬᠤ ᠭᠡᠰᠡᠨ ᠤᠳᠬ᠎ᠠ ᠶ᠋ᠢ ᠢᠯᠡᠷᠬᠡᠢᠯᠡᠳᠡᠭ᠃ᠰᠡᠷᠭᠡᠭ ᠤᠬᠠᠮᠰᠠᠷ ᠤ᠋ᠨ ᠬᠠᠷᠠᠭᠠᠨ ᠳᠣᠣᠷ᠎ᠠ ᠰᠡᠳᠬᠢᠯ ᠦ᠋ᠨ ᠣᠷᠣᠨ ᠵᠠᠢ ᠳ᠋ᠤ᠌ ᠨᠢᠰᠸᠠᠨᠢᠰ ᠤ᠋ᠨ ᠬᠤᠯᠠᠭᠠᠢᠴᠢ ᠰᠢᠷᠭᠤᠯᠠᠵᠤ ᠠᠮᠵᠢᠬᠤ ᠦᠭᠡᠢ᠂ᠰᠢᠷᠭᠤᠯ᠎ᠠ ᠴᠤ᠌ ᠭᠡᠰᠡᠨ ᠳᠣᠣᠷ᠎ᠠ ᠪᠠᠨ ᠵᠠᠮᠬᠠᠷᠠᠨ᠎ᠠ᠃ᠰᠢᠷᠭᠤᠬᠤ ᠰᠡᠢᠮᠡᠬᠡᠢ ᠨᠢ ᠤᠬᠠᠮᠰᠠᠷ ᠵᠢᠭᠠᠬᠠᠨ ᠰᠤᠯᠠᠷᠠᠭᠰᠠᠨ ᠤ᠋ ᠬᠢ ᠶᠦ᠍ᠮ᠃ᠲᠡᠭᠡᠬᠦ ᠪᠡᠷ ᠡᠨᠡᠷᠢᠯ ᠬᠠᠢᠷ᠎ᠠ᠂ᠪᠤᠶᠠᠨ ᠪᠢᠯᠢᠭ ᠦ᠋ᠨ ᠳᠣᠲᠣᠭᠠᠳᠤ ᠪᠠᠶᠠᠯᠢᠭ ᠢ᠋ᠶ᠋ᠠᠨ ᠠᠯᠳᠠᠬᠤ ᠦᠭᠡᠢ ᠭᠡᠰᠡᠨ ᠦᠭᠡ᠃ᠡᠨᠡ ᠤᠳᠬ᠎ᠠ ᠪᠠᠷ ᠨᠢ ᠰᠡᠳᠬᠢᠯ ᠢ᠋ ᠬᠠᠮᠠᠭᠠᠯᠠᠬᠤ ᠭᠡᠵᠦ ᠶᠠᠷᠢᠳᠠᠭ᠃ᠰᠡᠳᠬᠢᠯ ᠢ᠋ᠶ᠋ᠡᠨ ᠬᠠᠮᠠᠭᠠᠯᠠᠬᠤ᠂ᠬᠠᠷᠠᠭᠤᠯ ᠨᠣᠮᠣᠬᠠᠷᠠᠭᠤᠯᠬᠤ ᠲᠠᠰᠢᠭᠤᠷ ᠨᠢ ᠠᠵᠢᠭᠯᠠᠬᠤ ᠰᠢᠨᠵᠢᠬᠦ ᠡᠴᠡ ᠥᠭᠡᠷ᠎ᠡ ᠶᠠᠭᠤ ᠴᠤ᠌ ᠪᠢᠰᠢ᠃ᠨᠢᠰᠸᠠᠨᠢᠰ ᠲᠠᠢ ᠲᠡᠮᠡᠴᠡᠬᠦ ᠵᠡᠪᠰᠡᠭ ᠨᠢ ᠠᠵᠢᠭᠯᠠᠬᠤ ᠰᠢᠨᠵᠢᠬᠦ ᠡᠴᠡ ᠥᠭᠡᠷ᠎ᠡ ᠶᠠᠭᠤ ᠴᠤ᠌ ᠪᠢᠰᠢ᠃ᠶᠠᠮᠠᠷ ᠨᠢᠭᠡᠨ ᠢᠳᠡᠪᠬᠢᠯᠡᠭᠰᠡᠨ ᠦᠢᠯᠡᠳᠦᠯ ᠬᠢᠯᠭᠦᠢ ᠡᠩ ᠦ᠋ᠨ ᠴᠢᠯᠥᠭᠡᠲᠡᠢ ᠤᠬᠠᠮᠰᠠᠷᠯᠠᠬᠤ ᠭᠡᠰᠡᠨ ᠦᠭᠡ᠂ᠬᠣᠷᠣᠮ ᠳᠣᠳᠣᠮ ᠤ᠋ᠨ ᠤᠬᠠᠮᠰᠠᠷᠯᠠᠯ ᠳ᠋ᠤ᠌ ᠰᠤᠷᠤᠯᠴᠠᠬᠤ ᠶ᠋ᠢᠨ ᠲᠤᠯᠠᠳᠠ ᠳᠠᠷᠠᠭᠠᠬᠢ ᠵᠦᠢᠯᠡᠰ ᠢ᠋ ᠮᠥᠷᠳᠡᠯᠭᠡ ᠪᠣᠯᠭᠠᠬᠤ ᠶ᠋ᠢ ᠱᠠᠨᠲ᠋ᠢᠳᠢᠸᠠ ᠭᠡᠭᠡᠨ ᠪᠠᠭᠰᠢ ᠡᠢᠨᠬᠦ ᠵᠥᠪᠯᠡᠵᠡᠢ᠄
ᠴᠢᠩ ᠵᠢᠷᠦᠬᠡᠨ ᠦ᠌ ᠵᠠᠯᠪᠠᠷᠢᠯ᠄ᠪᠤᠷᠤᠭᠤ ᠵᠥᠪ ᠢ᠋ ᠢᠯᠭᠠᠨ ᠲᠠᠨᠢᠭᠤᠯᠬᠤ ᠪᠤᠶᠠᠨ ᠤ᠋ ᠰᠠᠳᠤᠨ ᠪᠠᠭᠰᠢ ᠳ᠋ᠤ᠌ ᠰᠢᠳᠠᠷᠯᠠ᠂
ᠰᠥᠰᠥᠯᠡᠨ ᠵᠠᠯᠪᠠᠷᠢᠭᠴᠢ ᠬᠤᠪᠢ ᠢᠷᠦᠭᠡᠯᠳᠡᠨ ᠳ᠋ᠦ᠍ ᠰᠦᠯᠳᠡ ᠤᠬᠠᠮᠰᠠᠷ ᠬᠢᠯᠪᠠᠷᠬᠠᠨ ᠲᠥᠷᠥᠨ᠎ᠡ᠃ᠠᠷᠪᠠᠨ ᠵᠦᠭ ᠦ᠋ᠨ ᠪᠤᠷᠬᠠᠨ ᠪᠣᠳᠢᠰᠠᠳ᠋ᠸ᠎ᠠ ᠨᠠᠷ ᠤ᠋ᠨ ᠮᠡᠯᠮᠡᠢ᠂ ᠴᠠᠭ ᠦᠷᠭᠦᠯᠵᠢ ᠨᠠᠮ᠎ᠠ ᠶ᠋ᠢ ᠳᠤᠯᠢᠳᠠᠭᠠᠰᠠᠢ ᠭᠡᠰᠡᠨ ᠤᠬᠠᠮᠰᠠᠷ ᠢ᠋ᠶ᠋ᠠᠷ ᠰᠡᠷᠡᠮᠵᠢ ᠰᠡᠭᠡᠭᠡ ᠪᠡᠨ ᠲᠡᠳᠬᠦᠵᠦ ᠪᠠᠢᠬᠤ ᠶ᠋ᠢ ᠱᠠᠨᠲ᠋ᠢᠳᠢᠸᠠ ᠭᠡᠭᠡᠨᠲᠡᠨ ᠵᠥᠪᠯᠡᠭᠰᠡᠨ ᠪᠠᠢᠨ᠎ᠠ᠃
ᠰᠡᠷᠡᠮᠵᠢ ᠲᠡᠭᠦᠰ ᠶᠠᠪᠤᠳᠠᠯ ᠮᠥᠷ᠄ᠬᠠᠰᠢ ᠶᠠᠰᠢ ᠶᠠᠪᠤᠳᠠᠯ ᠢ᠋ ᠴᠡᠭᠡᠷᠯᠡᠨ᠂ᠬᠠᠬᠢᠷ ᠢᠬᠢᠷ ᠠᠪᠤᠷᠢ ᠶ᠋ᠢ ᠳᠠᠪᠴᠢ᠂ᠬᠠᠭᠠᠯᠭ᠎ᠠ
ᠡᠭᠦᠳᠡ ᠪᠡᠨ ᠴᠤ᠌ ᠠᠶᠠᠷᠬᠠᠨ ᠬᠠᠭᠠᠵᠤ ᠬᠠᠨᠳᠤᠭᠰᠠᠨ ᠪᠦᠬᠦᠨ ᠳ᠋ᠦ᠍ ᠪᠡᠨ ᠡᠪᠯᠡᠭᠦᠬᠡᠨ ᠪᠠᠢ᠃ᠴᠠᠬᠠᠯᠠᠢ ᠮᠤᠤᠷ ᠬᠤᠯᠠᠭᠠᠢᠴᠢ ᠲᠡᠷᠰᠭᠦᠳᠡᠨ ᠰᠠᠮ ᠢ᠋ᠶ᠋ᠠᠷ ᠶᠠᠪᠤᠵᠤ ᠬᠡᠷᠡᠭ ᠢ᠋ᠶ᠋ᠡᠨ ᠪᠦᠲᠦᠭᠡᠳᠡᠭ᠂ᠴᠢᠨᠠᠳᠤ ᠶ᠋ᠢᠨ ᠦᠢᠯᠡᠰ ᠢ᠋ ᠴᠦ᠍ ᠭᠡᠭᠡᠨ ᠮᠡᠷᠭᠡᠳ ᠰᠡᠷᠡᠮᠵᠢᠲᠦ ᠵᠥᠭᠡᠯᠡᠨ ᠠᠶᠠᠰ ᠢ᠋ᠶ᠋ᠠᠷ ᠪᠦᠲᠦᠭᠡᠳᠡᠭ᠂ᠵᠦᠭᠡᠷ ᠰᠠᠭᠤᠬᠤ ᠳ᠋ᠠᠭᠠᠨ ᠴᠤ᠌ ᠪᠡᠶ᠎ᠡ ᠪᠡᠨ ᠠᠩᠵᠠᠭᠠᠷᠠᠵᠤ ᠵᠥᠪ ᠴᠡᠭᠴᠡᠲᠡᠢ ᠰᠠᠭᠤᠳᠠᠯ ᠢ᠋ ᠡᠷᠬᠢᠮᠯᠡᠨ᠎ᠡ ᠭᠡᠵᠦ ᠱᠠᠨᠲ᠋ᠢᠳᠢᠸᠠ ᠭᠡᠭᠡᠨᠲᠡᠨ ᠵᠥᠪᠯᠡᠵᠡᠢ᠃ᠨᠢᠷᠤᠭᠤ ᠴᠢᠬᠡ᠂ᠮᠥᠷᠥ ᠲᠡᠨᠢᠭᠡᠷ᠂ᠬᠣᠶᠠᠷ ᠬᠥᠯ ᠢ᠋ᠶ᠋ᠡᠨ ᠵᠠᠪᠢᠯᠠᠵᠤ ᠬᠣᠶᠠᠷ ᠠᠯᠠᠭ᠎ᠠ ᠪᠠᠨ ᠡᠪᠦᠷ ᠳᠡᠭᠡᠷ᠎ᠡ ᠪᠡᠨ ᠲᠡᠭᠰᠢ ᠠᠬᠤᠭᠤᠯᠵᠤ᠂ᠬᠠᠴᠠᠷ ᠢ᠋ᠶ᠋ᠠᠨ ᠬᠠᠮᠠᠷ ᠤ᠋ᠨ ᠦᠵᠦᠭᠦᠷ ᠳᠠᠰᠢ ᠪᠠᠨ ᠲᠣᠭᠲᠠᠭᠠᠵᠤ᠂ᠤᠷᠤᠭᠤᠯ ᠢ᠋ᠶ᠋ᠠᠨ ᠠᠶ᠎ᠠ ᠵᠥᠭᠡᠯᠡᠨ ᠬᠠᠮᠬᠢᠵᠤ᠂ᠬᠡᠯᠡ ᠪᠡᠨ ᠲᠠᠩᠨᠠᠢ ᠳ᠋ᠠᠭᠠᠨ ᠡᠶᠡᠯᠳᠡᠭᠦᠯᠵᠦ᠂ᠬᠦᠵᠦᠭᠦᠦ ᠪᠡᠨ ᠪᠠᠭ᠎ᠠ ᠵᠡᠷᠭᠡ ᠭᠦᠳᠦᠢᠯᠭᠡᠭᠰᠡᠨ ᠰᠠᠭᠤᠳᠠᠯ ᠨᠢ ᠪᠢᠷᠤᠽᠠᠨᠡ ᠪᠤᠷᠬᠠᠨ ᠤ᠋ ᠳᠣᠯᠣᠭᠠᠨ ᠰᠢᠨᠵᠢ ᠲᠡᠭᠦᠯᠳᠡᠷ ᠭᠡᠮᠡᠨ ᠠᠯᠳᠠᠷᠰᠢᠭᠰᠠᠨ ᠰᠣᠩᠭᠣᠮᠠᠯ ᠰᠠᠭᠤᠳᠠᠯ ᠶᠤᠮ᠃ᠡᠢᠮᠦ ᠲᠡᠭᠰᠢ ᠭᠡᠮ ᠲᠡᠢ ᠪᠠᠢᠳᠠᠯ ᠳ᠋ᠤ᠌ ᠬᠡᠢ ᠶ᠋ᠢᠨ ᠭᠦᠶᠦᠳᠡᠯ ᠴᠢᠯᠥᠭᠡᠲᠡᠢ ᠤᠷᠤᠰᠴᠤ᠂ᠤᠬᠠᠮᠰᠠᠷ
ᠰᠡᠷᠭᠡᠭ᠂ᠠᠮᠢᠰᠬᠤᠯ ᠠᠭᠤᠵᠢᠭᠤ ᠪᠠᠢᠬᠤ ᠳ᠋ᠤ᠌ ᠨᠥᠯᠥᠭᠡᠯᠡᠳᠡᠭ᠃ᠡᠨᠧᠷᠭᠢ ᠶ᠋ᠢᠨ ᠤᠷᠤᠰᠬᠠᠯ ᠢ᠋ ᠲᠠᠢᠪᠤᠩ ᠲᠣᠭᠲᠠᠭᠤᠨ ᠢ᠋ᠶ᠋ᠠᠷ
ᠠᠵᠢᠭᠯᠠᠬᠤ ᠲᠣᠰᠤᠮ ᠪᠦᠬᠦ ᠪᠡᠶ᠎ᠡ ᠪᠡᠷ ᠵᠠᠳᠠᠷᠠᠨ ᠲᠦᠭᠡᠵᠦ ᠪᠣᠢ ᠨᠢ ᠮᠡᠳᠡᠷᠡᠭᠳᠡᠨ᠎ᠡ᠃ᠡᠨᠡ ᠤᠷᠤᠰᠬᠠᠯ ᠳ᠋ᠤ᠌ ᠪᠡᠶ᠎ᠡ ᠮᠠᠬᠠᠪᠣᠳ ᠤᠶᠠᠰᠤᠨ ᠬᠠᠢᠯᠤᠨ᠎ᠠ᠂ᠪᠡᠶ᠎ᠡ ᠤᠶᠠᠰᠬᠤ ᠶ᠋ᠢᠨ ᠬᠠᠮᠲᠤ ᠪᠠᠷ ᠰᠡᠳᠬᠢᠯ ᠴᠦ᠍ ᠤᠶᠠᠰᠤᠨ ᠬᠠᠢᠯᠤᠨ᠎ᠠ᠃ᠪᠡᠶ᠎ᠡ ᠰᠡᠳᠬᠢᠯ ᠬᠣᠶᠠᠷ ᠠᠭᠤᠰᠤᠨ ᠰᠦᠯᠡᠯᠳᠦᠵᠦ ᠨᠢᠭᠡᠨ ᠠᠢᠵᠠᠮ ᠬᠡᠮᠨᠡᠯ ᠳ᠋ᠦ᠍ ᠯᠤᠭᠰᠢᠨ ᠳᠣᠯᠭᠢᠶᠠᠯᠠᠵᠤ ᠪᠠᠢᠬᠤ ᠶ᠋ᠢ 《ᠰᠠᠮᠠᠳᠢ》 ᠭᠡᠳᠡᠭ᠃
ᠭᠱᠠᠨ ᠤ᠋ ᠵᠠᠭᠤᠷ᠎ᠠ ᠶ᠋ᠢᠨ ᠭᠡᠭᠡᠷᠡᠯ
ᠬᠣᠷᠣᠰᠤᠯ ᠲᠠᠴᠢᠶᠠᠯ ᠡᠭᠦᠰᠦᠭᠰᠡᠨ ᠪᠣᠯ ᠬᠣᠷᠣᠮᠬᠠᠨ ᠵᠠᠭᠤᠷ᠎ᠠ ᠶ᠋ᠢᠨ ᠰᠡᠬᠡᠭᠡᠷᠡᠯ ᠢ᠋ᠶ᠋ᠡᠷ ᠶᠠᠭᠤ ᠴᠤ᠌ ᠬᠢᠯᠭᠦᠢ᠂ᠶᠠᠭᠤ ᠴᠤ᠌
ᠶᠠᠷᠢᠯᠬᠦᠢ ᠮᠣᠳᠣ ᠮᠡᠲᠦ ᠣᠷᠣᠰᠢᠲᠤᠭᠠᠢ᠃ᠪᠢᠳᠡ ᠭᠠᠳᠠᠨ᠎ᠠ ᠲᠠᠯ᠎ᠠ ᠶ᠋ᠢᠨ ᠲᠠᠮᠤ ᠠ᠋ᠴᠠ ᠠᠶᠤᠳᠠᠭ ᠪᠠᠢᠲᠠᠯ᠎ᠠ ᠪᠠᠨ ᠳᠣᠲᠣᠷ᠎ᠠ ᠲᠠᠯ᠎ᠠ ᠶ᠋ᠢᠨ ᠲᠠᠮᠤ ᠠ᠋ᠴᠠ ᠠᠶᠤᠳᠠᠭ ᠦᠭᠡᠢ᠂ᠵᠢᠩᠬᠢᠨᠢ ᠲᠠᠮᠤ ᠳᠣᠲᠣᠷ᠎ᠠ ᠲᠠᠯ᠎ᠠ ᠳ᠋ᠤ᠌ ᠯᠠ ᠪᠠᠢᠳᠠᠭ᠃ᠳᠣᠲᠣᠷ᠎ᠠ ᠴᠢᠨᠢ ᠤᠢᠮᠤᠷᠠᠵᠤ᠂ᠬᠢᠮᠤᠷᠠᠵᠤ ᠬᠣᠷᠣᠰᠤᠯ ᠲᠠᠴᠢᠶᠠᠯ ᠤ᠋ᠨ ᠭᠠᠯ ᠳᠦᠷᠡᠯᠵᠡᠵᠦ ᠪᠣᠢ ᠶ᠋ᠢ ᠮᠡᠳᠡᠷᠡᠭᠰᠡᠨ ᠲᠡᠷᠡ ᠯᠠ ᠭᠱᠠᠨ ᠳ᠋ᠠᠭᠠᠨ ᠰᠢᠭᠤᠳ ᠯᠠ ᠮᠣᠳᠣ ᠪᠣᠯᠤᠭᠠᠳ ᠬᠤᠪᠢᠷᠠᠴᠢᠬᠠ᠂ᠮᠣᠳᠣ ᠶᠠᠭᠤ ᠴᠤ᠌ ᠬᠢᠳᠡᠭ ᠦᠭᠡᠢ᠂ᠶᠠᠭᠤ ᠴᠤ᠌ ᠶᠠᠷᠢᠳᠠᠭ ᠦᠭᠡᠢ᠂ᠶᠠᠭᠤ ᠴᠤ᠌ ᠪᠣᠳᠣᠳᠠᠭ ᠦᠭᠡᠢ ᠰᠢᠦ ᠳᠡ᠃《ᠪᠡᠶ᠎ᠡ ᠪᠡᠨ ᠰᠤᠯᠠᠯᠠᠨ᠂ᠠᠮᠠ ᠪᠠᠨ ᠬᠠᠮᠬᠢᠵᠤ᠂ᠰᠡᠳᠬᠢᠯ ᠢ᠋ᠶ᠋ᠡᠨ ᠴᠢᠯᠥᠭᠡᠯᠡᠵᠦ᠂ᠬᠣᠭᠣᠰᠣᠨ ᠬᠤᠯᠤᠰᠤ ᠰᠢᠭ᠋ ᠠᠮᠠᠷᠠᠭᠲᠤᠨ》 ᠭᠡᠰᠡᠨ ᠦᠭᠡ ᠮᠠᡁᠨᠮᠤᠲ᠋ᠤᠷ ᠤ᠋ᠨ ᠳᠠᠭᠤᠯᠠᠯ ᠳ᠋ᠤ᠌ ᠭᠠᠷᠳᠠᠭ ᠪᠢᠯᠡ᠃ᠰᠡᠳᠬᠢᠯ ᠦ᠋ᠨ ᠣᠢᠮᠤᠷᠠᠯ ᠢ᠋ᠶ᠋ᠠᠨ ᠭᠠᠳᠠᠭᠰᠢ ᠪᠠᠨ ᠰᠠᠴᠤᠬᠤ ᠭᠡᠰᠡᠨ ᠦ᠌ ᠴᠦ᠍ ᠬᠡᠷᠡᠭ ᠦᠭᠡᠢ᠂ᠳᠣᠲᠣᠭᠰᠢ ᠪᠠᠨ ᠪᠤᠯᠠᠬᠤ ᠭᠡᠰᠡᠨ ᠦ᠌ ᠴᠦ᠍ ᠬᠡᠷᠡᠭ ᠦᠭᠡᠢ᠂ᠵᠦᠭᠡᠷ ᠯᠡ ᠵᠦᠩ ᠳ᠋ᠦ᠍ᠨᠢ ᠣᠷᠬᠢᠭᠠᠳ ᠮᠣᠳᠣ ᠰᠢᠭ᠋ ᠪᠠᠢᠭᠲᠤᠨ᠃ᠪᠡᠶ᠎ᠡ ᠬᠡᠯᠡ ᠪᠡᠷ ᠭᠠᠳᠠᠭᠰᠢᠯᠠᠭᠤᠯᠬᠤ ᠶᠤᠮ ᠪᠣᠯ ᠦᠶᠡᠷ ᠦ᠋ᠨ ᠤᠰᠤ ᠰᠢᠭ᠋ ᠥᠪᠡᠷ ᠢ᠋ ᠴᠢᠨᠢ ᠡᠷᠭᠢᠵᠦ ᠨᠢᠷᠭᠡᠬᠦ ᠪᠣᠯᠤᠨ᠎ᠠ᠃ᠬᠦᠴᠦᠯᠡᠨ ᠳᠠᠷᠤᠵᠤ ᠳᠣᠲᠣᠭᠰᠢ ᠪᠠᠨ ᠪᠤᠯᠠᠪᠠᠯ ᠬᠡᠵᠢᠶ᠎ᠡ ᠨᠢᠭᠡ ᠡᠳᠦᠷ ᠨᠣᠢᠷᠰᠤᠵᠤ ᠪᠠᠢᠭᠰᠠᠨ ᠭᠠᠯᠲᠤ ᠠᠭᠤᠯᠠ ᠳᠡᠯᠪᠡᠷᠡᠵᠦ ᠯᠡ ᠲᠠᠭᠠᠷᠠᠨ᠎ᠠ᠃ᠠᠭᠠᠷᠤ ᠮᠣᠢᠯᠠᠰᠤ ᠮᠢᠩᠭᠠᠨ ᠭᠠᠷ ᠲᠠᠢ ᠴᠤ᠌ ᠰᠡᠷᠪᠡᠯᠵᠡᠵᠦ ᠪᠠᠢᠳᠠᠭ ᠦᠭᠡᠢ᠂ᠠᠩᠬᠢᠯᠤᠮ᠎ᠠ ᠰᠠᠷᠠᠭᠠᠮ ᠲᠦᠮᠡᠨ ᠬᠡᠯᠡ ᠲᠡᠢ ᠴᠦ᠍ ᠴᠠᠯᠴᠢᠵᠤ ᠪᠠᠢᠳᠠᠭ ᠦᠭᠡᠢ᠃
ᠣᠳᠣ ᠴᠠᠭ ᠢ᠋ᠶ᠋ᠠᠨ ᠰᠢᠲᠦᠵᠦ ᠠᠮᠢᠳᠤᠷᠠᠬᠤ
ᠤᠳᠠᠲᠠᠯ᠎ᠠ ᠬᠦᠯᠢᠶᠡᠭᠰᠡᠨ ᠵᠣᠯ ᠵᠠᠪᠰᠢᠶᠠᠨ ᠣᠳᠣ ᠯᠠ ᠪᠦᠷᠢᠳᠦᠭᠰᠡᠨ ᠭᠡᠮᠡᠨ ᠰᠠᠨᠠᠵᠤ᠂ᠤᠳᠬ᠎ᠠ ᠦᠭᠡᠢ ᠣᠢᠮᠣᠷᠠᠯ ᠤ᠋ᠨ ᠰᠠᠯᠬᠢᠨ ᠳ᠋ᠤ᠌ ᠰᠠᠪᠠᠴᠢᠯ ᠦᠭᠡᠢ ᠰᠦᠮᠪᠦᠷ ᠠᠭᠤᠯᠠ ᠰᠢᠭ᠋ ᠪᠠᠲᠤ ᠣᠷᠣᠰᠢᠭᠲᠤᠨ᠃ᠡᠨᠳᠡ ᠣᠳᠣ ᠴᠠᠭ ᠲᠠᠭᠠᠨ ᠣᠷᠣᠰᠢᠬᠤ ᠨᠢ ᠤᠬᠠᠮᠰᠠᠷᠲᠤ ᠠᠮᠢᠳᠤᠷᠠᠯ ᠤ᠋ᠨ ᠮᠥᠨ ᠴᠢᠨᠠᠷ ᠶᠤᠮ᠃ᠥᠩᠭᠡᠷᠡᠭᠰᠡᠨ ᠪᠦᠬᠦᠨ ᠨᠢᠭᠡᠨᠲᠡ ᠥᠩᠭᠡᠷᠡᠭᠰᠡᠨ ᠰᠢᠦ ᠳᠡ᠂ᠢᠷᠡᠭᠡᠳᠦᠢ ᠪᠣᠯ ᠢᠷᠡᠭᠡ ᠦᠭᠡᠢ ᠭᠡᠰᠡᠨ ᠦᠭᠡ᠃ᠠᠮᠢᠳᠤᠷᠠᠯ ᠤ᠋ᠨ ᠭᠱᠠᠨ ᠠ᠋ᠴᠠ ᠥᠭᠡᠷ᠎ᠡ ᠨᠢ ᠶᠠᠭᠤ ᠴᠤ᠌ ᠪᠢᠰᠢ᠂ᠡᠨᠡ ᠭᠱᠠᠨ ᠯᠠ ᠬᠤᠪᠢ ᠵᠠᠶᠠᠭᠠᠨ ᠤ᠋ ᠮᠢᠨᠢ ᠣᠷᠭᠢᠯ ᠴᠠᠭ᠂ᠡᠨᠡ ᠭᠱᠠᠨ ᠬᠡᠬᠡᠨᠯᠢᠭ ᠪᠣᠯ ᠳᠠᠷᠠᠭᠠᠬᠢ ᠭᠱᠠᠨ ᠴᠤ᠌ ᠬᠡᠬᠡᠨᠯᠢᠭ ᠪᠠᠢᠳᠠᠭ᠂ᠡᠨᠡ ᠠᠮᠢᠳᠤᠷᠠᠯ ᠮᠢᠨᠢ ᠪᠠᠶᠠᠰᠬᠤᠯᠠᠩ ᠲᠠᠢ ᠪᠣᠯ ᠬᠣᠢᠲᠤ ᠲᠥᠷᠥᠯ ᠳ᠋ᠦ᠍ ᠰᠠᠨᠠᠭ᠎ᠠ ᠵᠣᠪᠠᠬᠤ ᠶᠠᠭᠤᠨ ᠪᠣᠯᠤᠮᠵᠢ ᠵᠠᠪᠰᠢᠶᠠᠨ ᠶᠠᠭ ᠣᠳᠣ᠂ ᠶᠠᠭ ᠡᠨᠳᠡ ᠯᠡ ᠪᠠᠢᠨ᠎ᠠ ᠰᠢᠦ!ᠪᠢ ᠪᠣᠯᠣᠮᠵᠢᠲᠠᠢ ᠴᠠᠭ ᠢ᠋ ᠬᠦᠯᠢᠶᠡᠵᠦ ᠪᠠᠢᠨ᠎ᠠ ᠭᠡᠵᠦ ᠬᠡᠯᠡᠵᠦ ᠪᠠᠢᠭ᠎ᠠ ᠬᠥᠮᠦᠨ᠂ᠥᠪᠡᠷ ᠢ᠋ᠶ᠋ᠡᠨ ᠥᠪᠡᠷ ᠢ᠋ ᠪᠡᠨ ᠬᠠᠭᠤᠷᠴᠤ ᠪᠠᠢᠭ᠎ᠠ ᠬᠡᠷᠡᠭ᠃ᠡᠨᠡ ᠭᠱᠠᠨ ᠠ᠋ᠴᠠ ᠳᠠᠷᠠᠭᠠᠬᠢ ᠭᠱᠠᠨ ᠮᠡᠨᠳᠦᠯᠡᠨ᠎ᠡ᠂ᠡᠨᠡ ᠲᠥᠷᠥᠯ ᠡᠴᠡ ᠳᠠᠷᠠᠭᠠᠬᠢ ᠲᠥᠷᠥᠯ ᠤᠷᠭᠤᠨ᠎ᠠ᠃ᠦᠬᠡᠨᠴᠡ ᠲᠡᠨᠡᠭ ᠦ᠋ᠳ ᠥᠩᠭᠡᠷᠡᠭᠰᠡᠨ ᠲᠡᠢ ᠵᠠᠭᠤᠷᠠᠯᠳᠤᠵᠤ ᠶᠠᠪᠤᠳᠠᠭ᠂ᠦᠬᠡᠨᠴᠡ ᠲᠡᠨᠡᠭ ᠦ᠋ᠳ ᠯᠡ ᠢᠷᠡᠭᠡᠳᠦᠢ ᠶ᠋ᠢ ᠮᠥᠷᠥᠭᠡᠳᠴᠦ ᠶᠠᠪᠤᠳᠠᠭ᠃ᠡᠨᠡ ᠭᠱᠠᠨ ᠤ᠋ ᠰᠢᠨ᠎ᠡ ᠰᠣᠷᠢᠯᠲᠠ ᠶ᠋ᠢ ᠬᠦᠯᠢᠶᠡᠨ ᠠᠪᠬᠤ ᠡᠷ᠎ᠡ ᠵᠣᠷᠢᠭ ᠦᠭᠡᠢ ᠪᠣᠯᠤᠭᠠᠳ ᠲᠡᠷᠡ᠃ᠡᠨᠡ ᠭᠱᠠᠨ ᠯᠠ ᠬᠠᠮᠤᠭ ᠤ᠋ᠨ ᠦᠨ᠎ᠡ ᠴᠠᠨ᠎ᠠ ᠲᠠᠢ᠃
ᠪᠡᠶ᠎ᠡ ᠮᠠᠬᠠᠪᠣᠳ ᠤ᠋ᠨ ᠢ᠋ᠶ᠋ᠠᠨ ᠪᠣᠭᠣᠯ ᠨᠢ ᠪᠤᠰᠤ ᠡᠵᠡᠨ ᠨᠢ ᠪᠠᠢᠬᠤ
ᠪᠤᠰᠤᠳ ᠠ᠋ᠴᠠ ᠵᠢᠭᠡᠯᠡᠭᠰᠡᠨ ᠪᠡᠶ᠎ᠡ ᠶ᠋ᠢ ᠥᠪᠡᠷ ᠦ᠋ᠨ ᠬᠢ ᠭᠡᠮᠡᠨ ᠥᠮᠴᠢᠷᠬᠡᠬᠦ ᠶᠠᠭᠤᠨ?ᠲᠤᠰ ᠲᠠᠭᠠᠨ ᠣᠷᠣᠰᠢᠬᠤ ᠵᠢᠮ᠎ᠡ ᠶᠣᠰᠣ ᠶ᠋ᠢ ᠡᠳᠦᠢ ᠬᠦᠷᠲᠡᠯ᠎ᠡ ᠣᠢᠯᠭᠠᠭᠰᠠᠨ ᠦᠭᠡᠢ ᠤᠤ?ᠦᠭᠡ ᠪᠡᠷ ᠶᠠᠪᠤᠬᠤ ᠦᠭᠡᠢ ᠠᠯᠪᠠᠲᠤ ᠪᠣᠭᠣᠯ ᠡᠵᠡᠨ ᠦ᠌ ᠬᠡᠰᠢᠭ ᠢ᠋ ᠬᠦᠷᠲᠡᠬᠦ ᠬᠤᠪᠢ ᠦᠭᠡᠢ᠂ᠦᠨᠡᠨᠴᠢ ᠪᠤᠰᠤ ᠵᠠᠩᠨᠠᠳᠠᠭ ᠪᠡᠶ᠎ᠡ ᠶ᠋ᠢ ᠡᠳᠦᠷ ᠰᠥᠨᠢ ᠦᠭᠡᠢ ᠡᠷᠭᠦᠮᠵᠢᠯᠡᠭᠡᠳ ᠶᠠᠭᠠᠬᠢᠬᠤ ᠨᠢ ᠪᠣᠢ᠃ᠪᠢᠳᠡ ᠠᠮᠢᠳᠤᠷᠠᠯ ᠤ᠋ᠨ ᠢ᠋ᠶ᠋ᠠᠨ ᠶᠡᠬᠡᠩᠬᠢ ᠡᠷᠴᠢ ᠬᠦᠴᠦ ᠶ᠋ᠢ ᠮᠢᠬᠠᠨ ᠪᠡᠶ᠎ᠡ ᠶ᠋ᠢᠨ ᠡᠷᠬᠡ ᠠᠰᠢᠭ ᠲᠤ᠌ ᠵᠣᠷᠢᠭᠤᠯᠳᠠᠭ᠃ᠬᠠᠮᠤᠭ ᠤ᠋ᠨ ᠰᠠᠢᠬᠠᠨ ᠢ᠋ ᠡᠮᠦᠰᠬᠡᠵᠦ ᠬᠠᠮᠤᠭ ᠤ᠋ᠨ ᠰᠠᠢᠬᠠᠨ ᠢ᠋ ᠠᠮᠰᠠᠭᠤᠯᠵᠤ ᠬᠠᠮᠤᠭ ᠤ᠋ᠨ ᠲᠠᠩᠰᠤᠭ ᠭᠠᠵᠠᠷ ᠪᠠᠢᠯᠭᠠᠵᠤ᠂ᠬᠠᠮᠤᠭ ᠠ᠋ᠴᠠ ᠭᠣᠶᠣ ᠬᠠᠷᠠᠭᠳᠠᠭᠤᠯᠬᠤ ᠭᠡᠵᠦ ᠦᠢᠯᠡ ᠪᠡᠨ ᠦᠵᠡᠨ᠂ᠲᠠᠮᠤ ᠪᠠᠨ ᠴᠠᠢᠳᠠᠭ᠃ᠭᠡᠲᠡᠯ᠎ᠡ ᠲᠡᠷᠡ ᠴᠢᠨᠢ ᠪᠢᠳᠡᠨ ᠦ᠌᠂ᠰᠦᠨᠡᠰᠦᠨ ᠪᠡᠶ᠎ᠡ ᠳ᠋ᠦ᠍ ᠣᠭᠲᠣ ᠬᠠᠮᠢᠶ᠎ᠠ ᠦᠭᠡᠢ᠂ᠡᠨᠡ ᠳᠡᠯᠡᠬᠡᠢ ᠡᠴᠡ ᠲᠦᠷ ᠵᠢᠭᠡᠯᠡᠭᠡᠳ ᠡᠷᠭᠢᠭᠦᠯᠦᠭᠡᠳ ᠡᠨᠡ ᠳᠡᠯᠡᠬᠡᠢ ᠳ᠋ᠦ᠍ᠨᠢ ᠲᠤᠰᠢᠶᠠᠬᠤ ᠵᠢᠮ᠎ᠡ ᠲᠡᠢ ᠲᠣᠭᠣᠰᠣᠨ ᠲᠣᠪᠣᠷᠠᠭ ᠰᠢᠦ ᠳᠡ!ᠪᠤᠷᠬᠠᠨ ᠪᠤᠳ᠋ᠳ᠋ᠾᠠ ᠡᠢᠮᠦ ᠨᠢᠭᠡᠨ ᠦᠯᠢᠭᠡᠷ ᠠᠢᠯᠠᠳᠴᠠᠢ ᠄
ᠡᠷᠲᠡ ᠤᠷᠢᠳᠤ ᠶ᠋ᠢᠨ ᠴᠠᠭ ᠲᠤ᠌ ᠳᠥᠷᠪᠡᠨ ᠡᠬᠡᠨᠡᠷ ᠲᠡᠢ ᠨᠢᠭᠡᠨ ᠡᠷ᠎ᠡ ᠬᠥᠮᠦᠨ ᠪᠠᠢᠵᠠᠢ᠂ᠡᠭᠦᠨ ᠢ᠋ ᠪᠣᠳᠣᠵᠤ ᠲᠡᠭᠦᠨ ᠢ᠋ ᠰᠠᠨᠠᠭᠠᠰᠢᠷᠠᠵᠤ᠂ᠠᠵᠤ ᠠᠮᠢᠳᠤᠷᠠᠯ ᠢ᠋ᠶ᠋ᠠᠨ ᠬᠥᠭᠡᠭᠡᠵᠦ ᠶᠠᠪᠤᠭᠰᠠᠭᠠᠷ ᠨᠢᠭᠡ ᠯᠡ ᠡᠳᠦᠷ ᠬᠦᠨᠳᠦ ᠡᠪᠡᠳᠴᠢᠨ ᠳ᠋ᠦ᠍ ᠨᠡᠷᠪᠡᠭᠳᠡᠵᠦ᠂ᠦᠬᠦᠯ ᠦ᠋ᠨ ᠪᠣᠱᠣᠭᠠᠨ ᠳ᠋ᠤ᠌ ᠲᠤᠯᠵᠤ ᠢᠷᠡᠵᠡᠢ᠃ᠡᠨᠡ ᠰᠡᠭᠦᠯᠴᠢ ᠶ᠋ᠢᠨ ᠬᠣᠷᠣᠮ ᠳ᠋ᠠᠭᠠᠨ ᠲᠡᠷᠡᠪᠡᠷ ᠮᠠᠰᠢ ᠶᠡᠬᠡ ᠭᠠᠭᠴᠠᠭᠠᠷᠳᠠᠯ ᠢ᠋ ᠮᠡᠳᠡᠷᠡᠵᠦ᠂ᠠᠮᠢᠰᠬᠤᠯ ᠳᠠᠪᠬᠤᠴᠠᠨ ᠤᠢᠮᠤᠷᠠᠵᠤ᠂ᠤᠤᠭᠠᠨ ᠡᠬᠡᠨᠡᠷ ᠢ᠋ᠶ᠋ᠡᠨ ᠳᠠᠭᠤᠳᠠᠵᠤ ᠭᠡᠨ᠎ᠡ ᠃
《ᠬᠠᠢᠷᠠᠲᠤ ᠭᠡᠷᠭᠡᠢ ᠮᠢᠨᠢ᠂ᠪᠢ ᠴᠢᠮ᠎ᠠ ᠶ᠋ᠢ ᠬᠡᠨ ᠪᠦᠬᠦᠨ ᠡᠴᠡ ᠢᠯᠡᠭᠦᠦ ᠬᠠᠢᠷᠠᠯᠠᠵᠤ᠂ᠶᠠᠭᠤ ᠪᠠᠢᠳᠠᠭ ᠢ᠋ᠶ᠋ᠠᠨ ᠵᠣᠷᠢᠭᠤᠯᠵᠤ ᠢᠷᠡᠭᠰᠡᠨ᠂ᠣᠳᠣ ᠪᠢ ᠦᠬᠦᠬᠦ ᠨᠢ ᠪᠠᠢᠨ᠎ᠠ᠂ᠨᠥᠭᠦᠭᠡ ᠶᠢᠷᠲᠢᠨᠴᠦ ᠤᠷᠤᠭᠤ ᠨᠠᠳᠠᠳᠤ ᠬᠠᠨᠢ ᠪᠣᠯᠵᠤ ᠶᠠᠪᠤᠭᠠᠴᠢ ᠳᠠ!》ᠯᠠᠪᠲᠠᠢᠶ᠎ᠠ ᠵᠥᠪᠰᠢᠶᠡᠷᠡᠨ᠎ᠡ ᠭᠡᠵᠦ ᠢᠲᠡᠭᠡᠵᠦ ᠪᠠᠢᠭᠰᠠᠨ ᠤ᠋ ᠬᠠᠷᠢᠭᠤ ᠳ᠋ᠤ᠌ ᠄《ᠬᠠᠨᠢ ᠮᠢᠨᠢ᠂ ᠴᠢᠨᠦᠬᠢ ᠪᠡᠨ ᠨᠠᠳᠠ ᠳ᠋ᠤ᠌ ᠶᠠᠮᠠᠷ ᠵᠡᠷᠭᠡ ᠬᠠᠢᠷᠠᠲᠠᠢ ᠶ᠋ᠢ ᠮᠡᠳᠡᠨ᠎ᠡ ᠠ᠋᠃ᠳᠠᠩᠴᠤ ᠪᠢᠳᠡᠨ ᠦ᠌ ᠬᠠᠭᠠᠴᠠᠬᠤ ᠴᠠᠭ ᠪᠣᠯᠵᠠᠢ ᠳᠠ᠃ᠪᠢ ᠭᠠᠯ ᠭᠣᠯᠣᠮᠲᠠ ᠪᠠᠨ ᠣᠷᠬᠢᠵᠤ ᠶᠠᠪᠤᠵᠤ ᠴᠢᠳᠠᠬᠤ ᠦᠭᠡᠢ᠂ᠠᠶᠠᠨ ᠵᠠᠮ ᠳ᠋ᠠᠭᠠᠨ ᠰᠠᠭᠠᠳ ᠦᠭᠡᠢ ᠶᠠᠪᠤᠭᠠᠷᠠᠢ》ᠭᠡᠵᠦ ᠬᠡᠨᠡᠭ ᠴᠦ᠍ ᠦᠭᠡᠢ ᠬᠡᠯᠡᠭᠡᠳ ᠭᠠᠷᠴᠤ ᠣᠳᠤᠯ᠎ᠠ᠃ᠬᠠᠷ᠎ᠠ ᠬᠥᠮᠦᠨ ᠤᠳᠠᠭᠠᠬᠢ ᠡᠬᠡᠨᠡᠷ ᠢ᠋ᠶ᠋ᠡᠨ ᠲᠠᠭᠤᠲᠠᠯ᠎ᠠ᠄《 ᠴᠢ ᠪᠣᠯ ᠮᠢᠨᠦ ᠭᠠᠯ ᠬᠠᠯᠠᠭᠤᠨ ᠳᠤᠷᠠᠯᠠᠯ ᠂ᠨᠠᠮ᠎ᠠ ᠶ᠋ᠢ ᠬᠠᠶᠠᠭᠠᠳ ᠶᠠᠪᠤᠴᠢᠬᠠᠬᠤ ᠪᠣᠢ ᠭᠡᠵᠦ ᠦᠷᠭᠦᠯᠵᠢ ᠡᠮᠢᠶᠡᠳᠡᠭ ᠰᠠᠨ᠂ᠠᠮᠢᠰᠬᠤᠯ ᠬᠤᠷᠢᠶᠠᠪᠠᠴᠤ ᠴᠢᠮ᠎ᠠ ᠠ᠋ᠴᠠ ᠪᠠᠨ ᠰᠠᠯᠤᠮᠠᠷ ᠦᠭᠡᠢ ᠪᠠᠢᠨ᠎ᠠ᠂ᠴᠢ ᠨᠠᠳᠠ ᠲᠠᠢ ᠴᠣᠭ ᠶᠠᠪᠤᠭᠠᠴᠢ ᠳᠠ!》ᠤᠳᠠᠭᠠᠬᠢ ᠡᠬᠡᠨᠡᠷ ᠦ᠋ᠨ ᠬᠠᠷᠢᠭᠤᠯᠲᠠ ᠰᠠᠨᠠᠭᠠᠨ ᠳ᠋ᠤ᠌ ᠣᠷᠣᠮ᠎ᠠ ᠦᠭᠡᠢ ᠬᠦᠢᠲᠡᠨ ᠬᠥᠨᠳᠡᠢ ᠪᠠᠢᠯ᠎ᠠ᠄《ᠠᠭᠤᠴᠢᠯᠠᠭᠠᠷᠠᠢ!ᠠᠩᠬᠠᠨ ᠤ᠋ ᠡᠬᠡᠨᠡᠷ ᠴᠢᠨᠢ ᠲᠠᠲᠠᠭᠠᠯᠵᠠᠵᠤ ᠪᠠᠢᠬᠤ ᠳ᠋ᠤ᠌ ᠪᠢ ᠶᠠᠭᠠᠬᠢᠬᠤ ᠪᠠᠷ ᠢ᠋ᠶ᠋ᠠᠨ ᠴᠣᠭ ᠶᠠᠪᠤᠬᠤ ᠶᠣᠰᠣᠲᠠᠢ ᠶᠤᠮ?ᠨᠠᠮ᠎ᠠ ᠶ᠋ᠢ ᠬᠠᠷᠠᠳᠠᠵᠤ ᠬᠠᠷᠠᠮᠨᠠᠵᠤ ᠶᠠᠪᠤᠭᠰᠠᠨ ᠴᠢᠨᠢ ᠶᠡᠷᠦᠳᠡᠭᠡᠨ ᠯᠡ ᠲᠠᠨ ᠤ᠋ ᠠᠮᠢ ᠪᠠᠨ ᠪᠣᠳᠣᠭᠰᠠᠨ ᠵᠠᠩ ᠰᠢᠦ ᠲᠠ᠂ᠣᠳᠣ ᠴᠤ᠌ ᠭᠡᠰᠡᠨ ᠲᠡᠷᠡ ᠵᠠᠩ ᠢ᠋ᠶ᠋ᠠᠨ ᠭᠠᠷᠭᠠᠵᠤ ᠪᠠᠢᠬᠤ ᠰᠢᠪ ᠳᠡ!》ᠭᠡᠳ ᠰᠢᠷᠠᠪ ᠲᠡᠳᠡᠨ ᠭᠠᠷᠴᠤ ᠶᠠᠪᠤᠯ᠎ᠠ᠃ᠬᠥᠭᠡᠷᠦᠬᠦᠢ ᠡᠷ᠎ᠡ ᠭᠤᠷᠪᠠᠳᠠᠬᠢ ᠡᠬᠡᠨᠡᠷ ᠦ᠋ᠨ ᠢ᠋ᠶ᠋ᠡᠨ ᠭᠠᠷ ᠠ᠋ᠴᠠ ᠠᠳᠬᠤᠵᠤ ᠰᠡᠭᠦᠯᠴᠢ ᠶ᠋ᠢᠨ ᠭᠤᠶᠤᠯᠲᠠ ᠪᠠᠨ ᠥᠴᠢᠯ᠎ᠡ᠃ᠪᠦᠰᠡᠭᠦᠢ ᠨᠢᠯᠪᠤᠰᠤ ᠤᠨᠠᠭᠠᠨ ᠤᠶᠠᠷᠠᠵᠤ ᠰᠠᠭᠤᠭᠰᠠᠨ ᠤ᠋ ᠡᠴᠦᠰ ᠲᠦ᠍᠄《ᠬᠠᠢᠷᠠᠲᠤ ᠬᠠᠨᠢ ᠮᠢᠨᠢ ᠴᠢᠮ᠎ᠠ ᠠ᠋ᠴᠠ ᠪᠠᠨ ᠰᠠᠯᠬᠤ ᠨᠠᠳᠠᠳᠤ ᠪᠠᠰᠠ ᠬᠡᠴᠡᠭᠦᠦ ᠪᠠᠢᠨ᠎ᠠ᠂ᠲᠡᠭᠡᠯ᠎ᠡ ᠭᠡᠳ ᠪᠢ ᠶᠠᠭᠠᠬᠢᠬᠤ ᠪᠢᠯᠡ ᠳᠠ᠂ᠣᠷᠣᠰᠢᠭᠤᠯᠭ᠎ᠠ ᠶ᠋ᠢᠨ ᠭᠠᠵᠠᠷ ᠬᠦᠷᠲᠡᠯ᠎ᠡ ᠴᠢᠮ᠎ᠠ ᠳ᠋ᠠᠭᠠᠨ ᠬᠠᠨᠢ ᠪᠠᠷ᠎ᠠ ᠪᠣᠯᠵᠤ ᠦᠳᠡᠨ ᠭᠠᠷᠭᠠᠶ᠎ᠠ ᠳᠠ!》ᠭᠡᠵᠦ ᠬᠡᠯᠡᠯ᠎ᠡ᠃ᠡᠢᠨᠬᠦ ᠭᠤᠷᠪᠠᠨ ᠡᠬᠡᠨᠡᠷ ᠦ᠋ᠨ ᠬᠡᠨ ᠨᠢ ᠴᠦ᠍ ᠬᠣᠢᠲᠤ ᠶᠢᠷᠲᠢᠨᠴᠦ ᠤᠷᠤᠭᠤ ᠬᠠᠮᠲᠤ ᠳ᠋ᠠᠭᠠᠨ ᠶᠠᠪᠤᠬᠤ ᠶ᠋ᠢ ᠵᠥᠪᠰᠢᠶᠡᠷᠡᠭᠰᠡᠨ ᠦᠭᠡᠢ᠃ᠭᠣᠷᠢ ᠲᠠᠰᠤᠷᠠᠭᠰᠠᠨ ᠡᠷ᠎ᠡ ᠳᠥᠷᠪᠡᠳᠡᠬᠢ ᠡᠬᠡᠨᠡᠷ ᠢ᠋ᠶ᠋ᠡᠨ ᠲᠠᠭᠤᠲᠠᠯ᠎ᠠ᠃ᠡᠬᠡᠨᠡᠷ ᠨᠡᠷ᠎ᠡ ᠲᠡᠢ ᠪᠣᠯᠪᠠᠴᠤ ᠡᠨᠡ ᠠᠢᠯ ᠤ᠋ᠨ ᠪᠣᠬᠢᠷ ᠪᠤᠷᠲᠠᠭ ᠪᠦᠬᠦᠨ ᠳ᠋ᠦ᠍ ᠬᠤᠳᠬᠤᠯᠳᠤᠭᠰᠠᠨ ᠪᠣᠭᠣᠯ ᠰᠢᠪᠡᠭᠴᠢᠨ ᠠᠶᠠᠲᠠᠢ ᠱᠣᠭᠣᠪᠲᠣᠷ ᠨᠢᠭᠡᠨ ᠪᠠᠢᠵᠠᠢ᠃ᠡᠩᠬᠦᠷᠡᠢᠯᠡᠵᠦ ᠬᠠᠢᠷᠠᠯᠠᠭᠰᠠᠳ ᠨᠢ ᠣᠷᠬᠢᠵᠤ ᠪᠠᠢᠬᠤ ᠳ᠋ᠤ᠌᠂ᠡᠷ᠎ᠡ ᠨᠥᠬᠥᠷ ᠦ᠋ᠨ ᠬᠠᠢᠷ᠎ᠠ ᠬᠠᠯᠠᠮᠵᠢ ᠠᠮᠰᠠᠭ᠎ᠠ ᠦᠭᠡᠢ ᠲᠡᠷᠡ ᠡᠮᠡᠭᠲᠡᠢ ᠡᠴᠡ ᠡᠭᠡᠯᠢᠲᠡᠢ ᠬᠠᠷᠢᠭᠤ ᠰᠣᠨᠣᠰᠬᠤ ᠦᠭᠡᠢ ᠳᠡ ᠭᠡᠵᠦ ᠪᠣᠳᠣᠭᠰᠠᠨ ᠴᠤ᠌ ᠦᠬᠦᠯ ᠦ᠋ᠨ ᠠᠶᠤᠮᠰᠢᠭ᠂ᠭᠠᠭᠴᠠᠭᠠᠷᠳᠠᠯ ᠤ᠋ᠨ ᠭᠠᠰᠢᠭᠤᠨ ᠳ᠋ᠤ᠌ ᠵᠢᠷᠦᠬᠡ ᠰᠢᠮᠰᠢᠷᠡᠭᠰᠡᠨ ᠬᠠᠷ᠎ᠠ ᠬᠥᠮᠦᠨ ᠬᠠᠮᠲᠤ ᠶᠠᠪᠤᠬᠤ ᠶ᠋ᠢ ᠲᠡᠭᠦᠨ ᠡᠴᠡ ᠵᠣᠷᠢᠭᠯᠠᠨ ᠭᠤᠶᠤᠯ᠎ᠠ᠂ᠭᠡᠲᠡᠯ᠎ᠡ ᠶᠠᠮᠠᠷ ᠬᠠᠷᠢᠭᠤ ᠰᠣᠨᠣᠰᠤᠭᠰᠠᠨ ᠭᠡᠵᠦ?《ᠲᠠ ᠴᠢᠨᠢ ᠮᠢᠨᠦ ᠡᠷ᠎ᠡ ᠨᠥᠬᠥᠷ᠂ᠪᠢ ᠲᠠᠨ ᠤ᠋ ᠠᠪᠠᠯᠢ ᠡᠬᠡᠨᠡᠷ ᠰᠢᠦ ᠳᠡ᠂ᠵᠢᠷᠭᠠᠯ ᠵᠣᠪᠠᠯ᠂ᠠᠮᠢᠳᠤᠷᠠᠯ ᠦᠬᠦᠯ ᠶᠠᠭᠤ ᠲᠣᠬᠢᠶᠠᠯᠳᠤᠭᠰᠠᠨ ᠴᠤ᠌ ᠬᠠᠮᠲᠤ ᠳ᠋ᠠᠭᠠᠨ ᠪᠠᠢᠬᠤ ᠪᠣᠯᠤᠨ᠎ᠠ》 ᠭᠡᠯᠡ᠃
ᠪᠤᠳ᠋ᠳ᠋ᠾᠠ ᠡᠨᠡ ᠶᠣᠭᠲᠠ ᠦᠯᠢᠭᠡᠷ ᠦ᠋ᠨ ᠤᠳᠬ᠎ᠠ ᠶ᠋ᠢ ᠲᠠᠢᠯᠪᠤᠷᠢᠯᠠᠭᠰᠠᠨ ᠨᠢ᠄
ᠨᠢᠭᠡᠳᠡᠬᠢ ᠡᠬᠡᠨᠡᠷ ᠪᠣᠯ ᠪᠢᠳᠡᠨ ᠦ᠌ ᠪᠡᠶ᠎ᠡ ᠴᠣᠭᠴᠠᠰ ᠢ᠋ ᠪᠡᠯᠭᠡᠳᠡᠵᠦ ᠪᠠᠢᠭ᠎ᠠ ᠶᠤᠮ᠃ᠬᠥᠮᠦᠰ ᠪᠡᠶ᠎ᠡ ᠴᠣᠭᠴᠠᠰ ᠢ᠋ᠶ᠋ᠠᠨ ᠡᠳᠦᠷ ᠰᠥᠨᠢ ᠦᠭᠡᠢ ᠬᠠᠢᠷᠠᠯᠠᠨ ᠪᠥᠭᠡᠴᠡᠢᠯᠡᠵᠦ ᠥᠩᠭᠡᠲᠡᠨ ᠢ᠋ ᠡᠮᠦᠰᠬᠡᠵᠦ᠂ᠠᠮᠲᠠᠲᠠᠨ ᠢ᠋ ᠢᠳᠡᠭᠦᠯᠬᠦ ᠭᠡᠵᠦ ᠮᠡᠷᠡᠢᠪᠡᠴᠦ᠂ᠡᠴᠦᠰ
ᠦ᠋ᠨ ᠠᠮᠢᠰᠬᠤᠯ ᠢ᠋ᠶ᠋ᠠᠨ ᠬᠤᠷᠢᠶᠠᠬᠤ ᠭᠱᠠᠨ ᠳ᠋ᠤ᠌ ᠵᠢᠭᠡᠯᠡᠭᠰᠡᠨ ᠶᠠᠭᠤᠮ᠎ᠠ ᠪᠠᠨ ᠡᠵᠡᠨ ᠳ᠋ᠦ᠍ᠨᠢ ᠡᠷᠭᠢᠭᠦᠯᠵᠦ ᠲᠤᠰᠢᠶᠠᠬᠤ ᠶ᠋ᠢᠨ ᠦᠯᠢᠭᠡᠷ ᠢ᠋ᠶ᠋ᠡᠷ ᠡᠨᠡ ᠳᠡᠯᠡᠬᠡᠢ ᠳ᠋ᠦ᠍ ᠦᠯᠡᠳᠡᠭᠡᠳᠡᠭ᠃
ᠬᠣᠶᠠᠳᠠᠬᠢ ᠡᠬᠡᠨᠡᠷ ᠨᠢ ᠡᠳ᠋ ᠪᠠᠶᠠᠯᠢᠭ᠂ᠡᠷᠬᠡ ᠮᠠᠲᠠᠯ᠂ᠨᠡᠷ᠎ᠡ ᠲᠥᠷᠥ ᠶ᠋ᠢ ᠲᠥᠯᠥᠭᠡᠯᠡᠵᠦ ᠪᠣᠢ᠂ᠲᠡᠷᠡ ᠪᠦᠬᠦᠨ ᠢ᠋ ᠣᠯᠵᠤ ᠠᠪᠬᠤ ᠭᠡᠵᠦ᠂ᠣᠯᠤᠭᠰᠠᠨ ᠬᠣᠢᠨ᠎ᠠ ᠪᠠᠨ ᠬᠠᠳᠠᠭᠠᠯᠠᠵᠤ ᠬᠠᠷᠠᠮᠨᠠᠬᠤ ᠭᠡᠵᠦ ᠡᠳᠦᠷ ᠦ᠋ᠨ ᠪᠣᠳᠣᠯ ᠰᠥᠨᠢ ᠶ᠋ᠢᠨ ᠵᠡᠭᠦᠳᠦ ᠪᠣᠯᠤᠨ ᠰᠢᠨᠠᠯᠵᠤ ᠵᠦᠳᠡᠷᠡᠳᠡᠭ᠃ᠭᠡᠯᠡ ᠴᠦ᠍ ᠦᠬᠦᠯ ᠢᠷᠡᠬᠦ ᠶ᠋ᠢᠨ ᠴᠠᠭ ᠲᠤ᠌ ᠭᠠᠪᠢᠶᠠᠷᠬᠠᠬᠤ ᠶᠠᠭᠤᠮ᠎ᠠ ᠨᠢᠭᠡᠬᠡᠨ ᠴᠦ᠍ ᠦᠭᠡᠢ ᠭᠠᠷ ᠬᠣᠭᠣᠰᠣᠨ ᠪᠤᠴᠠᠳᠠᠭ ᠵᠢᠮ᠎ᠡ ᠲᠡᠢ᠃
ᠭᠤᠷᠪᠠᠳᠠᠬᠢ ᠡᠬᠡᠨᠡᠷ ᠪᠣᠯ ᠪᠢᠳᠡᠨ ᠦ᠌ ᠠᠬ᠎ᠠ ᠳᠡᠭᠦᠦ᠂ᠠᠮᠠᠷᠠᠭ ᠰᠠᠳᠤᠨ᠂ᠠᠨᠳᠠ ᠨᠥᠬᠥᠳ ᠶᠦ᠍ᠮ᠃ᠬᠡᠴᠢᠨᠡᠨ ᠢᠵᠢᠯ ᠳᠠᠰᠤᠯ ᠪᠣᠯᠵᠤ ᠡᠯᠢᠭᠡ ᠵᠢᠷᠦᠬᠡ ᠪᠡᠷ ᠢ᠋ᠶ᠋ᠡᠨ ᠤᠶᠠᠭᠳᠠᠭᠰᠠᠨ ᠴᠤ᠌ ᠪᠠᠢ᠂ᠪᠤᠯᠠᠰᠢᠨ ᠤ᠋ ᠭᠠᠵᠠᠷ ᠠᠪᠰᠠᠨ ᠤ᠋ ᠳᠡᠷᠭᠡᠳᠡ ᠤᠬᠢᠯᠠᠵᠤ ᠬᠣᠴᠣᠷᠬᠤ ᠠ᠋ᠴᠠ ᠪᠢᠰᠢ ᠨᠥᠭᠦᠭᠡ ᠶᠢᠷᠲᠢᠨᠴᠦ ᠳ᠋ᠦ᠍ ᠨᠥᠮᠥᠷᠢ ᠨᠥᠭᠡᠯᠭᠡ ᠪᠣᠯᠵᠤ ᠶᠠᠪᠤᠬᠤ ᠬᠡᠨ ᠴᠦ᠍ ᠪᠠᠢᠬᠤ ᠦᠭᠡᠢ᠃
ᠲᠡᠷᠡ ᠪᠦᠭᠦᠳᠡ ᠲᠦᠷ ᠵᠠᠭᠤᠷ᠎ᠠ ᠶ᠋ᠢᠨ ᠬᠢ ᠪᠢᠯᠡ᠃ᠡᠷᠡᠭᠲᠡᠢ ᠭᠠᠭᠴᠠᠭᠠᠷ ᠢ᠋ᠶ᠋ᠠᠨ ᠢᠷᠡᠭᠰᠡᠨ ᠰᠢᠭ ᠪᠤᠴᠠᠬᠤ ᠳ᠋ᠠᠭᠠᠨ ᠭᠠᠭᠴᠠᠭᠠᠷ ᠢ᠋ᠶ᠋ᠠᠨ ᠯᠠ ᠪᠤᠴᠠᠨ᠎ᠠ᠃
ᠲᠡᠭᠡᠪᠡᠯ ᠳᠥᠷᠪᠡᠳᠡᠬᠢ ᠡᠬᠡᠨᠡᠷ ᠨᠢ ᠶᠠᠭᠤ ᠶ᠋ᠢ ᠪᠡᠯᠭᠡᠳᠡᠨ᠎ᠡ ᠪᠣᠢ?ᠡᠨᠡ ᠪᠣᠯ ᠪᠢᠳᠡᠨ ᠦ᠌ ᠰᠦᠨᠡᠰᠦᠨ ᠪᠡᠶ᠎ᠡ᠃ᠬᠥᠮᠦᠨ ᠦ᠌ ᠶᠢᠷᠲᠢᠨᠴᠦ ᠳ᠋ᠦ᠍ ᠦᠳᠡᠯᠡᠭ᠌ᠰᠠᠨ ᠠᠶᠠᠯᠠᠯ ᠥᠨᠳᠥᠷᠯᠡᠬᠦ ᠶ᠋ᠢᠨ ᠴᠠᠭ ᠲᠤ᠌ ᠦᠬᠦᠰᠢ ᠦᠭᠡᠢ ᠰᠦᠨᠡᠰᠦᠨ ᠳ᠋ᠡᠭᠡᠨ ᠦᠢᠯᠡ ᠶ᠋ᠢᠨ ᠦᠷ᠎ᠡ ᠪᠡᠨ ᠲᠡᠩᠴᠡᠭᠦᠯᠦᠨ ᠪᠢᠳᠡ ᠪᠤᠴᠠᠬᠤ ᠪᠣᠯᠤᠨ᠎ᠠ᠃ᠡᠭᠦᠷᠢᠳᠡ ᠶ᠋ᠢᠨ ᠠᠮᠠᠷᠠᠭ ᠮᠡᠲᠦ ᠲᠡᠭᠦᠨ ᠢ᠋ ᠪᠡᠨ ᠵᠠᠭᠤᠷᠠᠳᠤ ᠶ᠋ᠢᠨ ᠬᠣᠯᠪᠣᠭ᠎ᠠ ᠰᠦᠯᠪᠡᠭᠡᠲᠡᠨ ᠡᠴᠡ ᠳᠣᠣᠷ᠎ᠠ ᠳ᠋ᠤ᠌ ᠦᠵᠡᠵᠦ᠂ᠮᠤᠩᠬᠠᠷᠠᠯ ᠤ᠋ᠨ ᠪᠣᠬᠢᠷ ᠢᠯᠭᠠᠳᠠᠰᠤ ᠪᠠᠷ ᠭᠤᠲᠤᠭᠠᠵᠤ ᠶᠠᠪᠤᠭᠰᠠᠨ ᠠᠯᠳᠠᠰᠢ ᠶ᠋ᠢ ᠬᠣᠵᠢᠮ ᠶᠠᠭᠤ ᠪᠠᠷ ᠴᠠᠢᠷᠠᠭᠤᠯᠤᠨᠠ ᠪᠣᠢ⁈
ᠨᠡᠭᠡᠭᠡᠯᠲᠡ ᠲᠡᠢ ᠵᠢᠷᠦᠬᠡ ᠥᠭᠭᠢᠶᠡᠮᠦᠷ ᠰᠡᠳᠬᠢᠯ
ᠪᠤᠰᠤᠳ ᠤ᠋ᠨ ᠦᠭᠡ ᠶ᠋ᠢ ᠬᠦᠯᠢᠶᠡᠴᠡᠲᠡᠢ ᠰᠣᠨᠣᠰᠴᠤ᠂ᠪᠤᠷᠤᠭᠤ ᠪᠠᠢᠭᠰᠠᠨ ᠴᠤ᠌ ᠪᠤᠤ ᠪᠠᠰᠤᠮᠵᠢᠯᠠ᠂ᠵᠦᠢ ᠲᠠᠢ ᠦᠭᠡ ᠶ᠋ᠢ ᠪᠢᠰᠢᠷᠡᠯᠲᠡᠢ ᠲᠣᠰᠴᠤ᠂ᠵᠢᠷᠦᠬᠡᠨ ᠦ᠌ ᠭᠦᠨ ᠳ᠋ᠡᠭᠡᠨ ᠠᠭᠤᠰᠬᠠᠨ ᠰᠢᠩᠭᠡᠭᠡ!ᠬᠡᠨ ᠨᠢᠭᠡᠨ ᠲᠠᠨ ᠢ᠋ ᠭᠤᠲᠤᠭᠠᠨ ᠳᠣᠷᠣᠮᠵᠢᠯᠠᠪᠠᠯ ᠠᠭᠤᠷᠯᠠᠵᠤ ᠭᠣᠮᠣᠷᠬᠠᠬᠤ ᠬᠡᠷᠡᠭ ᠦᠭᠡᠢ᠂ᠬᠠᠷᠢᠨ ᠥᠪᠡᠷ ᠲᠦ᠍ ᠴᠢᠨᠢ ᠲᠡᠢᠮᠦ ᠮᠠᠭᠤ ᠴᠢᠨᠠᠷ ᠪᠠᠢᠭ᠎ᠠ ᠡᠰᠡᠬᠦ ᠶ᠋ᠢ ᠰᠢᠨᠵᠢᠯᠡ᠃ᠪᠠᠢᠬᠤ ᠦᠭᠡᠢ ᠪᠣᠯ ᠥᠪᠡᠷ ᠦ᠋ᠨ ᠢ᠋ᠶ᠋ᠡᠨ ᠭᠡᠮ ᠦᠭᠡᠢ ᠳ᠋ᠦ᠍ ᠪᠠᠶᠠᠷᠯᠠ᠂ᠪᠠᠢᠭ᠎ᠠ ᠪᠣᠯ ᠦᠨᠡᠨ ᠢ᠋ ᠬᠡᠯᠡᠭᠰᠡᠨ ᠲᠡᠷᠡ ᠬᠥᠮᠦᠨ ᠢ᠋ ᠪᠠᠭᠰᠢ ᠯᠤᠭ᠎ᠠ ᠳᠡᠭᠡᠳᠦᠯᠡ!ᠬᠡᠨ ᠨᠢᠭᠡᠨ ᠲᠠᠨ ᠢ᠋ ᠮᠠᠭᠲᠠᠵᠤ ᠰᠠᠢᠰᠢᠶᠠᠪᠠᠯ ᠣᠩᠭᠢᠷᠠᠵᠤ ᠰᠠᠭᠰᠠᠭᠤᠷᠠᠬᠤ ᠬᠡᠷᠡᠭ ᠦᠭᠡᠢ᠂ᠬᠠᠷᠢᠨ ᠲᠡᠭᠰᠢ ᠣᠮᠣᠭᠯᠠᠩ ᠰᠡᠳᠬᠢᠯ ᠢ᠋ᠶ᠋ᠡᠷ ᠥᠪᠡᠷ ᠲᠦ᠍ ᠴᠢᠨᠢ ᠲᠡᠢᠮᠦ ᠰᠠᠢᠨ ᠴᠢᠨᠠᠷ ᠦᠨᠡᠬᠡᠷ ᠪᠠᠢᠭ᠎ᠠ ᠡᠰᠡᠬᠦ ᠶ᠋ᠢ ᠰᠢᠨᠵᠢᠯᠡ!ᠪᠠᠢᠭ᠎ᠠ ᠪᠣᠯ ᠲᠡᠭᠦᠨ ᠢ᠋ ᠪᠡᠨ ᠡᠷᠬᠢᠮᠨᠡ᠂ᠨᠠᠨᠳᠢᠩᠨᠠ᠃ᠰᠠᠢᠰᠢᠶᠠᠯ ᠮᠠᠭᠲᠠᠭᠠᠯ ᠳ᠋ᠤ᠌ ᠣᠩᠭᠢᠷᠠᠬᠤ ᠨᠢ ᠰᠠᠢᠨ ᠰᠠᠢᠬᠠᠨ ᠢ᠋ᠶ᠋ᠠᠨ ᠭᠡᠭᠡᠬᠦ ᠶ᠋ᠢᠨ ᠲᠡᠮᠳᠡᠭ᠃ᠳᠤᠷ᠎ᠠ ᠦᠭᠡᠢ ᠬᠥᠮᠦᠨ ᠢ᠋ ᠴᠢᠨᠢ ᠬᠥᠮᠦᠨ ᠮᠠᠭᠲᠠᠪᠠᠯ ᠲᠤᠷᠠᠩ ᠴᠢᠷᠠᠢᠯᠠᠵᠤ ᠡᠰᠡᠷᠭᠦᠴᠡᠬᠦ ᠬᠡᠷᠡᠭ ᠦᠭᠡᠢ᠂ᠥᠨᠥᠬᠢ ᠬᠥᠮᠦᠨ ᠳ᠋ᠦ᠍ ᠪᠠᠯᠬᠠᠳᠠᠭᠰᠠᠨ ᠰᠢᠵᠢᠮ ᠢ᠋ᠶ᠋ᠡᠷ ᠨᠢ ᠦᠨᠤᠬᠢ ᠬᠥᠮᠦᠨ ᠦ᠌ ᠡᠷᠳᠡᠮ ᠢ᠋ ᠥᠭᠦᠯᠡ! ᠬᠥᠮᠦᠨ ᠪᠦᠬᠦᠨ ᠥᠭᠡᠷ᠎ᠡ ᠥᠭᠡᠷ᠎ᠡ ᠥᠨᠴᠥᠭ ᠡᠴᠡ ᠬᠣᠷᠸ᠎ᠠ ᠶ᠋ᠢ ᠬᠠᠷᠠᠳᠠᠭ᠃ᠲᠠᠨ ᠤ᠋ ᠯᠠ ᠬᠠᠷᠠᠭᠰᠠᠨ ᠵᠥᠪ᠂ᠪᠤᠰᠤᠳ ᠤ᠋ᠨ ᠬᠢ ᠪᠤᠷᠤᠭᠤ ᠪᠢᠰᠢ ᠠ᠋!ᠨᠠᠳᠠ ᠳ᠋ᠤ᠌ ᠲᠠᠭᠠᠯᠠᠭᠳᠠᠭᠰᠠᠨ ᠵᠦᠢᠯ ᠲᠠᠨ ᠳ᠋ᠤ᠌ ᠲᠠᠭᠠᠯᠠᠭᠳᠠᠬᠤ ᠠᠯᠪᠠ ᠦᠭᠡᠢ᠃ᠶᠠᠭ ᠥᠪᠡᠷ ᠰᠢᠭ ᠢ᠋ᠶ᠋ᠡᠨ ᠬᠠᠷᠠᠵᠤ ᠮᠡᠳᠡᠷᠡᠵᠦ ᠰᠡᠳᠬᠢᠭᠰᠡᠨ ᠦᠭᠡᠢ ᠭᠡᠵᠦ ᠪᠤᠰᠤᠳ ᠲᠤ᠌ ᠠᠭᠤᠷᠯᠠᠵᠤ ᠶᠠᠪᠤᠳᠠᠭ ᠨᠢ ᠶᠠᠭᠤ ᠪᠢᠯᠡ⁈
ᠪᠤᠰᠤᠳ ᠢ᠋ ᠪᠤᠷᠤᠭᠤᠳᠬᠠᠭᠰᠠᠨ ᠠ᠋ᠴᠠ ᠥᠪᠡᠷ ᠢ᠋ ᠪᠡᠨ ᠪᠤᠷᠤᠭᠤᠳᠬᠠᠬᠤ ᠨᠢ ᠳᠣᠲᠣᠭᠠᠳᠤ ᠬᠥᠭᠵᠢᠯ ᠳ᠋ᠦ᠍ ᠬᠠᠪᠢ ᠦᠭᠡᠢ ᠳᠡᠭᠡᠷ᠎ᠡ᠃ᠬᠡᠳᠦᠢᠴᠢᠨᠡᠭᠡᠨ ᠣᠯᠠᠨ ᠥᠨᠴᠥᠭ ᠡᠴᠡ ᠣᠯᠠᠨ ᠬᠥᠮᠦᠨ ᠦ᠌ ᠨᠢᠳᠦ ᠪᠡᠷ ᠶᠢᠷᠲᠢᠨᠴᠦ ᠶ᠋ᠢ ᠬᠠᠷᠠᠵᠤ ᠴᠢᠳᠠᠨ᠎ᠠ᠂ᠲᠡᠳᠦᠢ ᠬᠢᠷᠢ ᠪᠡᠷ ᠶᠠᠭᠰᠢᠮᠠᠯ ᠬᠠᠨᠳᠤᠯᠭ᠎ᠠ ᠠ᠋ᠴᠠ ᠰᠠᠯᠵᠤ᠂ᠰᠢᠳᠦᠨ ᠪᠠᠷᠢᠯᠳᠤᠯᠭ᠎ᠠ ᠶ᠋ᠢ ᠤᠬᠠᠭᠠᠷᠠᠨ᠎ᠠ᠃ᠬᠡᠷᠪᠡ ᠪᠤᠰᠤᠳ ᠤ᠋ᠨ ᠰᠠᠢᠨ
ᠰᠠᠢᠬᠠᠨ ᠠ᠋ᠴᠠ ᠪᠠᠶᠠᠷ ᠪᠠᠶᠠᠰᠬᠤᠯᠠᠩ ᠠᠮᠲᠠᠯᠠᠵᠤ ᠰᠤᠷᠪᠠᠯ᠂ᠬᠡᠵᠢᠶᠡᠳᠡ ᠥᠪᠡᠷ ᠦ᠋ᠨ ᠴᠢᠨᠢ ᠵᠢᠷᠭᠠᠯ ᠲᠤᠨᠲᠠᠷᠠᠬᠤ ᠦᠭᠡᠢ᠂ᠡᠨᠡ ᠬᠣᠢᠲᠤ ᠳ᠋ᠠᠭᠠᠨ ᠴᠤ᠌ ᠴᠡᠩᠭᠡᠬᠦ ᠪᠣᠯᠤᠨ᠎ᠠ᠃ᠵᠥᠪᠬᠡᠨ ᠥᠪᠡᠷ ᠦ᠋ᠨ ᠠᠮᠵᠢᠯᠲᠠ ᠪᠦᠲᠦᠭᠡᠯ᠂ᠰᠠᠢᠨ ᠰᠠᠢᠬᠠᠨ ᠠ᠋ᠴᠠ ᠲᠠᠭᠠᠰᠢᠶᠠᠯ
ᠠᠪᠬᠤ ᠨᠢ ᠭᠠᠭᠴᠠ ᠭᠣᠷᠣᠬᠠᠨ ᠤ᠋ ᠤᠰᠤ ᠪᠠᠷ ᠲᠡᠳᠬᠦᠭᠳᠡᠭᠰᠡᠨ ᠵᠢᠵᠢᠭᠬᠡᠨ ᠲᠣᠭᠣᠷᠢᠮ ᠲᠠᠢ ᠠᠳᠠᠯᠢ᠂ᠬᠠᠷᠢᠨ ᠳᠠᠶᠠᠭᠠᠷ ᠶᠢᠷᠲᠢᠨᠴᠦ ᠶ᠋ᠢᠨ ᠰᠠᠢᠨ ᠰᠠᠢᠬᠠᠨ ᠠ᠋ᠴᠠ ᠪᠠᠶᠠᠰᠤᠯ ᠲᠠᠭᠠᠰᠢᠶᠠᠯ ᠠᠪᠴᠤ ᠰᠤᠷᠪᠠᠯ᠂ᠲᠦᠮᠡ ᠪᠤᠮᠠᠨ ᠭᠣᠣᠯ ᠮᠥᠷᠡᠨ ᠦ᠌ ᠴᠢᠳᠬᠤᠯᠠᠩᠲᠤ ᠳᠠᠯᠠᠢ ᠮᠡᠲᠦ ᠪᠣᠯᠤᠨ᠎ᠠ᠃ᠡᠢᠮᠦ ᠪᠠᠶᠠᠷ ᠵᠢᠷᠭᠠᠯ ᠳᠠᠭᠤᠰᠴᠤ ᠳᠤᠨᠳᠠᠷᠠᠳᠠᠭ ᠦᠭᠡᠢ ᠶᠦ᠍ᠮ᠃ᠡᠴᠢᠭᠡ ᠡᠬᠡ ᠶ᠋ᠢᠨ ᠠᠴᠢ ᠶ᠋ᠢ ᠬᠠᠷᠢᠭᠤᠯᠬᠤ᠂ᠡᠷᠳᠡᠮᠲᠦ ᠪᠠᠭᠰᠢ ᠶ᠋ᠢᠨ ᠬᠥᠯ ᠢ᠋ ᠲᠦᠰᠢᠬᠦ᠂ᠡᠨᠡᠯᠦᠭᠰᠡᠨ ᠨᠢᠭᠡᠨ ᠦ᠌ ᠠᠮᠢᠰᠬᠤᠯ ᠢ᠋
ᠠᠭᠤᠵᠢᠷᠠᠭᠤᠯᠬᠤ᠂ᠡᠳᠡᠭᠡᠷ ᠪᠤᠶᠠᠨ ᠴᠠᠭᠯᠠᠰᠢ ᠦᠭᠡᠢ ᠶᠡᠬᠡ ᠪᠢᠯᠡ᠃ᠲᠤᠰᠤᠭᠳᠠᠬᠤᠨ ᠲᠠᠯ᠎ᠠ ᠠ᠋ᠴᠠ ᠪᠠᠨ ᠡᠴᠢᠭᠡ ᠡᠬᠡ ᠪᠡᠨ ᠠᠴᠢᠯᠠᠬᠤ᠂ᠨᠣᠮ ᠤ᠋ᠨ ᠪᠠᠭᠰᠢ ᠪᠠᠨ ᠬᠦᠨᠳᠦᠳᠬᠡᠬᠦ᠂ᠶᠠᠳᠠᠷᠠᠵᠤ ᠲᠤᠢᠯᠳᠠᠭᠰᠠᠨ ᠨᠢᠭᠡᠨ ᠳ᠋ᠦ᠍ ᠲᠤᠰᠠᠯᠠᠬᠤ ᠪᠤᠶᠠᠨ ᠡᠷᠬᠢᠮ ᠦ᠋ᠨ ᠳᠡᠭᠡᠳᠦ ᠪᠢᠯᠡ᠃ᠡᠴᠢᠭᠡ ᠡᠬᠡ ᠪᠡᠨ ᠠᠴᠢᠯᠠᠬᠤ ᠶ᠋ᠢᠨ ᠳᠡᠭᠡᠳᠦ ᠨᠢ ᠭᠡᠭᠡᠷᠡᠯ ᠶᠦ᠍ᠮ᠃ᠭᠡᠭᠡᠷᠡᠯ ᠰᠦᠨᠡᠰᠦᠯᠢᠭ ᠮᠥᠨ ᠴᠢᠨᠠᠷ ᠲᠠᠢ ᠬᠠᠮᠢᠶ᠎ᠠ ᠲᠠᠢ ᠪᠣᠯᠬᠤ ᠠ᠋ᠴᠠ ᠮᠢᠬᠠᠨ ᠪᠡᠶ᠎ᠡ ᠳ᠋ᠦ᠍ ᠬᠠᠮᠢᠶ᠎ᠠ ᠦᠭᠡᠢ ᠦᠵᠡᠭᠳᠡᠯ᠃ᠪᠣᠳᠢ ᠮᠥᠨ ᠴᠢᠨᠠᠷ ᠦᠬᠦᠰᠢ ᠦᠭᠡᠢ ᠮᠥᠩᠬᠡ ᠪᠣᠯᠪᠠᠴᠤ᠂ᠲᠠ ᠪᠢᠳᠡᠨ ᠦ᠌ ᠳᠤᠮᠳᠠ ᠦᠵᠡᠭᠳᠡᠵᠦ ᠬᠠᠷᠠᠭᠳᠠᠵᠤ᠂ᠦᠨᠡᠨ ᠦ᠌ ᠥᠭᠯᠢᠭᠡ ᠲᠦᠭᠡᠭᠡᠬᠦ ᠶ᠋ᠢᠨ ᠲᠤᠯᠠᠳᠠ ᠡᠭᠡᠯ ᠪᠡᠶ᠎ᠡ ᠴᠣᠭᠴᠠᠰ ᠢ᠋ ᠠᠰᠢᠭᠯᠠᠳᠠᠭ᠃ᠳᠡᠯᠡᠬᠡᠢ ᠶ᠋ᠢᠨ ᠲᠠᠰᠤᠷᠬᠠᠢ ᠪᠣᠯᠤᠭᠰᠠᠨ ᠲᠡᠷᠡ ᠪᠡᠶ᠎ᠡ ᠨᠢ ᠳᠡᠯᠡᠬᠡᠢ ᠶ᠋ᠢᠨ ᠢ᠋ᠶ᠋ᠡᠨ ᠵᠢᠮ᠎ᠡ ᠪᠠᠷ ᠯᠠ ᠶᠠᠪᠤᠨ᠎ᠠ᠃
ᠬᠡᠬᠡᠷᠡᠭᠰᠡᠨ ᠬᠢᠭᠡᠳ ᠭᠡᠭᠡᠷᠡᠯ ᠳ᠋ᠦ᠍ ᠵᠠᠮᠨᠠᠵᠤ ᠶᠠᠪᠤᠭ᠎ᠠ ᠲᠡᠢᠮᠦ ᠬᠥᠮᠦᠰ ᠲᠦ᠍ ᠡᠷᠭᠦᠯ ᠡᠷᠭᠦᠬᠦ ᠨᠢ ᠠᠷᠢᠭᠤᠨ ᠪᠤᠶᠠᠨ ᠳ᠋ᠤ᠌
ᠳᠠᠭᠠᠨ ᠪᠡᠶᠡᠰᠴᠦ᠂ᠠᠳᠢᠰ ᠢᠷᠦᠭᠡᠯ ᠢ᠋ ᠲᠣᠭᠲᠠᠭᠠᠵᠤ ᠪᠠᠢᠭ᠎ᠠ ᠬᠡᠷᠡᠭ᠃ᠲᠡᠢᠮᠦ ᠬᠥᠮᠦᠰ ᠡᠴᠡ ᠦᠨᠡᠨ ᠨᠣᠮ ᠤ᠋ᠨ ᠥᠭᠯᠢᠭᠡ
ᠬᠦᠷᠲᠡᠬᠦ ᠨᠢ ᠡᠷᠬᠢᠮ ᠳᠡᠭᠡᠳᠦ ᠵᠠᠪᠰᠢᠶᠠᠨ ᠶᠤᠮ᠃ᠦᠨᠡᠨ ᠨᠣᠮ ᠤ᠋ᠨ ᠲᠥᠯᠥᠭᠡ ᠡᠳ᠋ ᠬᠥᠷᠥᠩᠭᠡ ᠪᠠᠢᠲᠤᠭᠠᠢ ᠪᠡᠶ᠎ᠡ ᠰᠡᠳᠬᠢᠯ
ᠢ᠋ᠶ᠋ᠡᠨ ᠡᠷᠭᠦᠬᠦ ᠨᠢ ᠵᠦᠢ᠃ᠥᠪᠡᠷ ᠦ᠋ᠨ ᠦᠢᠯᠡᠳᠦᠯ᠂ᠪᠤᠶᠠᠨ ᠨᠣᠮ ᠢ᠋ ᠥᠷᠥᠭᠡᠯ ᠪᠤᠰᠤᠳ ᠤᠷᠤᠭᠤ ᠪᠢᠲᠡᠭᠡᠢ ᠲᠦᠯᠬᠢ᠂ᠥᠪᠡᠷ
ᠢ᠋ᠶ᠋ᠡᠨ ᠦᠢᠯᠡᠳᠴᠦ ᠴᠢᠳᠠᠬᠤ ᠦᠭᠡᠢ ᠪᠣᠯ ᠥᠷᠥᠭᠡᠯ ᠪᠤᠰᠤᠳ ᠢ᠋ ᠪᠢᠲᠡᠭᠡᠢ ᠳᠣᠷᠣᠮᠵᠢᠯᠠ᠃
ᠠᠳᠢᠱᠠ ᠪᠣᠭᠳᠠ ᠪᠤᠷᠬᠠᠨ ᠰᠢᠲᠦᠭᠡᠨ ᠳ᠋ᠡᠭᠡᠨ ᠡᠷᠭᠦᠯ ᠲᠠᠬᠢᠯ ᠮᠠᠨᠳᠤᠯ ᠢ᠋ ᠥᠪᠡᠷ ᠦ᠋ᠨ ᠭᠠᠷ ᠢ᠋ᠶ᠋ᠠᠷ ᠨᠢᠮᠪᠠᠢᠯᠠᠨ ᠪᠡᠯᠡᠳᠬᠡᠳᠡᠭ ᠪᠠᠢᠵᠠᠢ᠃ᠯᠠᠭᠱᠠᠨ ᠨᠢ ᠴᠢᠯᠡᠭᠡᠷᠬᠡᠦ ᠪᠠᠢᠬᠤ ᠳ᠋ᠤ᠌ ᠱᠠᠪᠢ ᠨᠠᠷ ᠨᠢ᠄《ᠪᠠᠭᠰᠢ ᠠ᠋᠂ᠲᠠ ᠠᠮᠠᠷᠠᠵᠤ ᠪᠠᠢ᠂ᠪᠢᠳᠡ ᠪᠡᠯᠡᠳᠬᠡᠶ᠎ᠡ ᠭᠡᠬᠦ ᠳ᠋ᠦ᠍ᠨᠢ᠄《ᠤᠤᠬᠠᠢᠰ᠂ᠨᠠᠮᠠᠶ᠋ᠢ ᠥᠯᠥᠰᠬᠦ ᠶᠦ᠍ᠮ ᠪᠣᠯ ᠲᠠ ᠨᠠᠷ ᠮᠢᠨᠢ ᠮᠢᠨᠦ ᠡᠮᠦᠨ᠎ᠡ ᠡᠴᠡ ᠬᠣᠭᠣᠯᠠ ᠢᠳᠡᠵᠦ ᠲᠤᠰᠠᠯᠠᠬᠤ ᠨᠢ ᠤᠤ ᠳᠠ 》 ᠭᠡᠵᠦ ᠶᠣᠵᠣᠯᠠᠵᠠᠢ᠃
ᠤᠯᠠᠮ ᠲᠡᠭᠦᠯᠳᠡᠷᠵᠢᠬᠦᠢ
ᠥᠭᠯᠢᠭᠡ ᠪᠤᠶᠠᠨ ᠢ᠋ᠶ᠋ᠠᠷ ᠳᠥᠷᠥᠭᠡᠯᠡᠨ ᠪᠠᠢᠵᠤ᠂ᠥᠭᠡᠳᠡ ᠥᠭᠡᠳᠡ ᠪᠡᠨ ᠲᠠᠪᠰᠢᠨ ᠰᠤᠷᠤᠯᠴᠠ!ᠡᠮᠦᠨᠡᠬᠢ ᠡᠮᠦᠨᠡᠬᠢ
ᠡᠴᠡ ᠪᠡᠨ ᠬᠣᠢᠲᠤᠬᠢ ᠨᠢ ᠴᠢᠬᠤᠯᠠ ᠶ᠋ᠢ ᠦᠷᠭᠦᠯᠵᠢ ᠳᠣᠲᠣᠷ᠎ᠠ ᠪᠡᠨ ᠰᠠᠨᠠᠵᠤ ᠳᠠᠩᠰᠠᠯᠠ!ᠥᠭᠯᠢᠭᠡ ᠪᠤᠶᠠᠨ ᠠ᠋ᠴᠠ ᠰᠠᠮᠠᠳᠢ ᠪᠢᠰᠢᠯᠭᠠᠯ ᠤᠷᠤᠭᠤ᠂ᠶᠣᠰᠣ ᠵᠢᠷᠤᠮ ᠠ᠋ᠴᠠ ᠪᠢᠯᠢᠭ ᠤᠬᠠᠭᠠᠨ ᠤᠷᠤᠭᠤ᠂ᠢᠨᠠᠭᠤᠬᠢ ᠦᠵᠡᠭᠳᠡᠯ ᠡᠴᠡ ᠴᠢᠨᠠᠳᠤ ᠶ᠋ᠢᠨ ᠦᠨᠡᠨ ᠤᠷᠤᠭᠤ᠂ᠣᠶᠤᠨ ᠪᠣᠳᠣᠯ ᠠ᠋ᠴᠠ ᠰᠠᠷᠠᠯ ᠮᠡᠳᠡᠷᠡᠮᠵᠢ ᠤᠷᠤᠭᠤ᠂ᠪᠣᠳᠠᠭᠠᠯᠢ ᠴᠢᠨᠠᠷ ᠠ᠋ᠴᠠ ᠬᠣᠭᠣᠰᠣᠨ ᠴᠢᠨᠠᠷ ᠤᠷᠤᠭᠤ ᠲᠡᠮᠡᠦᠯᠦᠨ ᠬᠥᠭᠵᠢᠬᠦ ᠤᠴᠢᠷ ᠲᠠᠢ᠃ᠭᠡᠭᠡᠷᠡᠯ ᠦ᠋ᠨ ᠱᠠᠰᠢᠨ ᠪᠣᠯ ᠬᠥᠮᠦᠨ ᠢ᠋ ᠴᠢᠯᠥᠭᠡᠯᠡᠬᠦ ᠵᠠᠮ ᠪᠣᠯᠬᠤ ᠠ᠋ᠴᠠ ᠪᠢᠰᠢ᠂ᠬᠦᠯᠢᠵᠦ ᠪᠠᠭᠯᠠᠬᠤ ᠵᠠᠮ ᠪᠢᠰᠢ᠂ᠬᠦᠯᠢᠶᠡᠰᠦ ᠪᠣᠯᠭᠠᠨ ᠬᠤᠪᠢᠷᠠᠭᠠᠳᠠᠭ ᠨᠢ ᠬᠥᠮᠦᠨ ᠦ᠌ ᠥᠪᠡᠷ ᠦ᠋ᠨ ᠮᠣᠩᠬᠠᠭᠯᠠᠯ᠃ᠥᠴᠦᠬᠡᠨ ᠠᠰᠢᠭ ᠤ᠋ᠨ ᠲᠥᠯᠥᠭᠡ ᠥᠨᠢ ᠶ᠋ᠢᠨ ᠬᠡᠷᠡᠭ ᠢ᠋ᠶ᠋ᠡᠨ ᠪᠠᠯᠠᠯᠠᠬᠤ ᠬᠡᠷᠡᠭ ᠦᠭᠡᠢ᠂ᠥᠭᠡᠳᠡᠯᠡᠬᠦ ᠵᠠᠮ ᠳ᠋ᠤ᠌ ᠬᠠᠮᠤᠭ ᠤ᠋ ᠴᠢᠬᠤᠯᠠ ᠨᠢ ᠦᠯᠡᠮᠵᠢ ᠶ᠋ᠢᠨ ᠨᠢᠭᠦᠯᠡᠰᠦᠯ ᠭᠡᠳᠡᠭ ᠢ᠋ ᠰᠠᠨᠠᠭᠠᠷᠠᠢ᠃ᠬᠡᠯᠪᠡᠷᠢ ᠲᠡᠳᠦᠢ ᠪᠤᠶᠠᠨ᠂ᠶᠣᠰᠣ ᠲᠡᠳᠦᠢ ᠰᠠᠬᠢᠯ᠂ᠳᠦᠷᠰᠦᠯᠡᠯ ᠲᠡᠳᠦᠢ ᠪᠢᠰᠢᠯᠭᠠᠯ᠂ᠲᠥᠰᠦᠭᠡᠯᠡᠯ ᠲᠡᠳᠦᠢ ᠮᠡᠳᠡᠯᠭᠡ ᠳ᠋ᠦ᠍ ᠵᠠᠭᠤᠷᠠᠯᠳᠤᠵᠤ ᠵᠢᠩᠬᠢᠨᠢ ᠭᠡᠭᠡᠷᠡᠯ ᠡᠴᠡ ᠲᠥᠭᠡᠷᠢᠭᠦᠵᠡᠢ᠃ᠲᠥᠭᠡᠷᠢᠯ ᠦᠭᠡᠢ ᠶᠠᠪᠤᠭ᠎ᠠ ᠪᠠᠨ ᠶᠠᠭᠤ ᠪᠠᠷ ᠮᠡᠳᠡᠬᠦ ᠪᠣᠢ?ᠡᠨᠡᠷᠢᠬᠦ ᠬᠠᠢᠷ᠎ᠠ ᠶ᠋ᠢᠨ ᠰᠢᠯᠭᠠᠭᠤᠷᠢ ᠪᠠᠷ ᠯᠠ ᠮᠡᠳᠡᠨ᠎ᠡ᠃ᠨᠢᠭᠦᠯᠡᠰᠬᠦ ᠬᠠᠢᠷ᠎ᠠ ᠪᠢᠳᠡᠨ ᠦ᠌ ᠳᠣᠲᠣᠭᠠᠳᠤ ᠪᠤᠳ᠋ᠳ᠋ᠾᠠ ᠴᠢᠨᠠᠷ ᠤ᠋ᠨ ᠢᠯᠡᠷᠬᠡᠢᠯᠡᠯ᠃ᠬᠡᠳᠦᠢ ᠴᠢᠨᠡᠭᠡᠨ ᠳᠣᠲᠣᠭᠠᠳᠤ ᠴᠢᠨᠠᠷ ᠤᠷᠤᠭᠤ ᠣᠢᠷᠠᠲᠤᠨ᠎ᠠ᠂ᠲᠡᠳᠦᠢ ᠴᠢᠨᠡᠭᠡ ᠨᠢᠭᠦᠯᠡᠰᠦᠯ ᠬᠠᠢᠷ᠎ᠠ ᠶ᠋ᠢᠨ ᠳᠣᠯᠭᠢᠶᠠᠨ ᠨᠡᠮᠡᠭᠳᠡᠨ᠎ᠡ᠃ᠱᠠᠰᠢᠨᠯᠢᠭ᠋ ᠬᠥᠮᠦᠨ ᠪᠣᠯᠤᠮᠵᠢᠲᠤ ᠪᠦᠬᠦ ᠰᠤᠪᠠᠭ ᠢ᠋ᠶ᠋ᠠᠷ ᠡᠷᠢᠯ ᠬᠠᠢᠭᠤᠯ ᠬᠢᠳᠡᠭ ᠃
ᠠᠤᠭ᠎ᠠ ᠨᠡᠭᠡᠭᠡᠯᠲᠡ ᠬᠢᠭᠰᠡᠳ ᠴᠥᠮ ᠢ᠋ᠶ᠋ᠡᠷ ᠢ᠋ᠶ᠋ᠡᠨ ᠣᠯᠠᠨᠬᠡᠮᠵᠢᠶᠠᠰᠤᠳᠦ ᠬᠥᠮᠦᠰ ᠶᠦ᠍ᠮ᠃ᠨᠢᠭᠡ ᠬᠡᠮᠵᠢᠶᠠᠰᠤᠳᠦ ᠬᠥᠮᠦᠨ ᠬᠡᠵᠢᠶᠡᠳᠡ ᠨᠡᠭᠡᠭᠡᠯᠲᠡ ᠬᠢᠳᠡᠭ ᠦᠭᠡᠢ᠃ᠬᠥᠮᠦᠨ ᠣᠯᠠᠨ ᠬᠡᠮᠵᠢᠶᠡᠰᠦ ᠳ᠋ᠦ᠍ ᠣᠷᠣᠬᠤ ᠲᠣᠰᠤᠮ ᠴᠡᠩᠭᠡᠯ ᠲᠠᠭᠠᠰᠢᠶᠠᠯ ᠡᠳ᠋ᠯᠡᠵᠦ᠂ ᠰᠦᠨᠡᠰᠦᠨ ᠦ᠌ ᠬᠥᠭᠵᠢᠯ ᠢ᠋ ᠮᠡᠳᠡᠷᠡᠳᠡᠭ ᠶᠦ᠍ᠮ᠃ᠠᠮᠢᠳᠤᠷᠠᠯ ᠥᠪᠡᠷ ᠢ᠋ᠶ᠋ᠡᠨ ᠰᠤᠷᠤᠯᠴᠠᠬᠤᠢ ᠪᠢᠯᠡ᠂ᠶᠠᠭᠤᠨ ᠳ᠋ᠤ᠌ ᠰᠤᠷᠤᠯᠴᠠᠵᠤ ᠪᠣᠢ᠂ᠲᠡᠭᠦᠨ ᠳ᠋ᠡᠭᠡᠨ ᠠᠮᠢ ᠠᠮᠢᠳᠤᠷᠠᠯ ᠢ᠋ᠶ᠋ᠠᠨ ᠶᠡᠭᠦᠯᠡ᠂ᠲᠡᠷᠡ ᠴᠠᠭ ᠲᠤ᠌ ᠴᠢᠨᠦ ᠡᠮᠦᠨ᠎ᠡ ᠳᠠᠯᠳᠠ ᠴᠢᠨᠠᠷ ᠤ᠋ᠨ ᠨᠢᠭᠤᠴᠠ ᠲᠠᠢᠯᠤᠭᠳᠠᠨ᠎ᠠ᠃ᠠᠯᠢᠪᠠ ᠵᠦᠢᠯ ᠦ᠋ᠨ ᠭᠦᠨ ᠤᠷᠤᠭᠤ ᠣᠷᠣᠬᠤ ᠲᠣᠰᠤᠮ ᠴᠢ ᠥᠪᠡᠷ ᠢ᠋ᠶ᠋ᠡᠨ ᠭᠦᠨᠵᠡᠭᠡᠢ ᠪᠣᠯᠤᠨ᠎ᠠ᠃ᠭᠦᠨ ᠭᠦᠨ ᠢ᠋ᠶ᠋ᠡᠨ ᠳᠠᠭᠤᠳᠠᠵᠤ᠂ᠥᠨᠳᠥᠷ ᠥᠨᠳᠥᠷ ᠢ᠋ᠶ᠋ᠡᠨ ᠠᠰᠠᠭᠠᠳᠠᠭ᠂ᠬᠠᠷᠠᠩᠭᠤᠢ ᠶ᠋ᠢᠨ ᠭᠦᠨ ᠤᠷᠤᠭᠤ ᠣᠷᠣᠪᠠᠯ ᠭᠡᠷᠡᠯ ᠦ᠋ᠨ ᠨᠢᠭᠤᠴᠠ ᠶ᠋ᠢ ᠨᠡᠭᠡᠭᠡᠨ᠎ᠡ᠃ᠨᠢᠭᠤᠴᠠ ᠶ᠋ᠢ ᠨᠡᠭᠡᠭᠡᠬᠦ ᠬᠢᠷᠢ ᠪᠡᠷ ᠬᠥᠮᠦᠨ ᠦ᠌ ᠰᠦᠨᠡᠰᠦ ᠪᠠᠶᠠᠵᠢᠨ᠎ᠠ᠃ᠡᠨᠡ ᠪᠦᠬᠦᠨ ᠢ᠋ ᠪᠣᠳᠠᠲᠠᠢ ᠪᠠᠷ ᠬᠡᠷᠡᠭᠵᠢᠭᠦᠯ᠂ᠡᠰᠡ ᠪᠥᠭᠡᠰᠦ ᠦᠭᠡᠨ ᠦ᠌ ᠭᠠᠷᠤᠵᠠ ᠰᠢᠦ᠂ᠡᠮ ᠦ᠋ᠨ ᠵᠣᠷ ᠤᠩᠰᠢᠭᠰᠠᠨ ᠲᠡᠳᠦᠢ ᠪᠡᠷ ᠡᠮᠭᠡᠭ ᠡᠪᠡᠳᠴᠢᠨ ᠴᠢᠨᠢ ᠡᠳᠡᠭᠡᠨ᠎ᠡ ᠭᠡᠵᠦ⁈
ᠠᠭᠤᠷ ᠪᠤᠬᠢᠨᠢᠳᠤᠯ ᠡᠭᠦᠰᠬᠦ ᠰᠢᠯᠲᠠᠭᠠᠨ
ᠠᠭᠤᠷ ᠬᠢᠯᠢᠩ ᠡᠴᠡ ᠵᠢᠷᠭᠠᠯ ᠲᠥᠷᠥᠬᠦ ᠦᠭᠡᠢ᠂ᠤᠷᠰᠢᠭ ᠪᠣᠯᠭᠠᠨ ᠥᠭᠦᠯᠡᠵᠦ ᠪᠠᠷᠠᠰᠢ ᠦᠭᠡᠢ᠃ᠠᠭᠤᠷ ᠬᠢᠯᠢᠩ ᠡᠴᠡ ᠰᠠᠯᠤᠭᠰᠠᠨ ᠬᠥᠮᠦᠨ ᠯᠡ ᠡᠨᠡ ᠬᠣᠢᠲᠤ ᠳ᠋ᠠᠭᠠᠨ ᠵᠢᠷᠭᠠᠬᠤ ᠢᠷᠦᠭᠡᠯ ᠲᠡᠢ᠂ᠠᠭᠤᠷ ᠪᠤᠬᠢᠨᠢᠳᠤᠯ ᠳ᠋ᠤ᠌ ᠰᠢᠳᠡᠵᠦ ᠶᠠᠪᠤᠳᠠᠭ ᠬᠥᠮᠦᠨ ᠬᠠᠯᠠᠭᠤᠨ ᠲᠠᠮᠤ ᠶ᠋ᠢᠨ ᠠᠮᠢᠲᠠᠨ ᠠ᠋ᠴᠠ ᠢᠯᠭᠠᠭ᠎ᠠ ᠶᠠᠭᠤᠨ᠃ᠠᠭᠤᠷ ᠪᠤᠬᠢᠨᠢᠳᠤᠯ ᠬᠠᠮᠢᠭ᠎ᠠ ᠠ᠋ᠴᠠ ᠡᠭᠦᠰᠳᠡᠭ ᠪᠣᠢ? ᠥᠪᠡᠷ ᠢ ᠪᠠᠨ ᠠᠩᠵᠠᠭᠠᠷᠠᠭᠠᠷᠠᠢ᠃ᠪᠢ ᠡᠭᠦᠨ ᠳ᠋ᠦ᠍ ᠳᠤᠷᠠᠲᠠᠢ᠂ᠲᠡᠭᠦᠨ ᠳ᠋ᠦ᠍ ᠳᠤᠷ᠎ᠠ ᠦᠭᠡᠢ᠂ᠲᠡᠨᠳᠡ ᠪᠠᠢᠪᠠᠯ ᠰᠠᠢᠬᠠᠨ᠂
ᠡᠨᠳᠡ ᠪᠠᠢᠪᠠᠯ ᠮᠠᠭᠤᠬᠠᠢ᠂ᠨᠠᠳᠠᠳᠤ ᠡᠢᠮᠦ ᠬᠥᠮᠦᠨ ᠲᠠᠭᠠᠯᠠᠭᠳᠠᠳᠠᠭ᠂ᠲᠡᠢᠮᠦ ᠬᠥᠮᠦᠨ ᠲᠠᠭᠠᠯᠠᠭᠳᠠᠳᠠᠭ ᠦᠭᠡᠢ ᠭᠡᠬᠦᠴᠢᠯᠡᠨ ᠪᠥᠭᠡᠮ ᠢᠯᠭᠠᠭ᠎ᠠ ᠰᠠᠯᠭᠠᠭ᠎ᠠ ᠬᠢᠳᠡᠭ ᠪᠢᠵᠡ ᠳᠡ!ᠬᠡᠳᠦᠢ ᠴᠢᠨᠡᠭᠡ ᠣᠷᠣᠰᠢᠬᠤᠢ ᠶ᠋ᠢ ᠢᠯᠭᠠᠵᠤ᠂ᠰᠠᠯᠭᠠᠵᠤ᠂ᠵᠠᠭᠠᠭᠯᠠᠵᠤ᠂
ᠬᠠᠭᠠᠯᠵᠤ ᠪᠤᠲᠠᠷᠠᠭᠠᠵᠤ ᠪᠠᠢᠨ᠎ᠠ᠂ᠲᠡᠳᠦᠢ ᠴᠢᠨᠡᠭᠡᠨ ᠲᠠ ᠥᠪᠡᠷᠲᠡᠭᠡᠨ ᠠᠭᠤᠷ ᠪᠤᠬᠢᠨᠢᠳᠤᠯ ᠡᠭᠦᠰᠬᠦ ᠣᠷᠣᠨ ᠵᠠᠢ ᠶ᠋ᠢ ᠪᠡᠯᠡᠳᠴᠦ ᠪᠠᠢᠭ᠎ᠠ ᠬᠡᠷᠡᠭ᠃ᠭᠣᠣᠯᠴᠢ ᠪᠤᠰᠤ ᠶ᠋ᠢᠨ ᠲᠣᠬᠢᠶᠠᠯᠳᠤᠯ ᠪᠦᠷᠢ ᠡᠴᠡ ᠰᠡᠳᠬᠢᠯ ᠦ᠋ᠨ ᠣᠢᠮᠤᠷᠠᠯ ᠠᠶᠠᠨᠳᠠᠭᠠᠨ ᠡᠭᠦᠰᠳᠡᠭ᠂ᠠᠭᠤᠷ ᠬᠢᠯᠢᠩ ᠡᠭᠦᠰᠴᠦ ᠤᠯᠠᠮ ᠲᠥᠯᠵᠢᠭᠡᠳ ᠨᠠᠮᠠᠶ᠋ᠢ ᠳᠠᠷᠤᠯᠠᠳᠠᠭ᠂ᠵᠠᠯᠠᠷᠠᠭᠤᠯᠵᠤ ᠪᠣᠯᠬᠤ ᠲᠣᠬᠢᠶᠠᠯᠳᠤᠯ ᠪᠣᠢ ᠠᠪᠠᠰᠤ ᠠᠭᠤᠷᠯᠠᠵᠤ ᠤᠨᠲᠤᠭᠤᠴᠠᠬᠤ ᠬᠡᠷᠡᠭ ᠶᠠᠭᠤᠨ᠂ᠵᠠᠯᠠᠷᠠᠭᠤᠯᠵᠤ ᠪᠣᠯᠣᠰᠢ ᠦᠭᠡᠢ ᠲᠠᠪᠢᠯᠠᠩ ᠪᠣᠯ ᠠᠭᠤᠷᠯᠠᠵᠤ ᠤᠨᠲᠤᠭᠤᠴᠠᠯᠠ ᠭᠡᠳ ᠴᠦ᠍ ᠨᠡᠮᠡᠷᠢ ᠶᠠᠭᠤᠨ?ᠬᠣᠭᠣᠰᠣᠨ ᠴᠢᠨᠠᠷᠲᠤ ᠶᠢᠷᠲᠢᠨᠴᠦ ᠶ᠋ᠢ ᠶᠠᠮᠠᠷ ᠥᠩᠭᠡ ᠪᠡᠷ ᠪᠣᠳᠣᠬᠤ ᠨᠢ ᠲᠠᠨ ᠤ᠋ ᠰᠡᠳᠬᠢᠯ ᠦ᠋ᠨ ᠪᠡᠬᠡ᠂ᠦᠢᠯᠡ ᠶ᠋ᠢᠨ ᠪᠢᠷ ᠡᠴᠡ ᠬᠠᠮᠢᠶᠠᠷᠤᠨ᠎ᠠ᠃ᠲᠠ ᠥᠪᠡᠷ ᠦ᠋ᠨ ᠢ᠋ᠶ᠋ᠡᠨ ᠵᠣᠪᠠᠯᠠᠩ ᠵᠢᠷᠭᠠᠯᠠᠩ ᠢ᠋ ᠤᠷᠠᠯᠠᠨ ᠪᠦᠲᠦᠭᠡᠭᠴᠢ ᠭᠡᠰᠡᠨ ᠦᠭᠡ᠃ᠲᠠᠨ ᠤ᠋ ᠢᠷᠪᠠᠢᠨ ᠢᠳᠡᠵᠦ ᠪᠠᠢᠭ᠎ᠠ ᠬᠣᠭᠣᠯᠠ ᠶ᠋ᠢ ᠬᠡᠨ ᠨᠢᠭᠡᠨ ᠠᠮᠲᠠᠷᠬᠠᠨ ᠢᠳᠡᠨ᠎ᠡ᠂ᠤᠢᠮᠤᠷᠠᠵᠤ ᠲᠠᠪᠴᠢᠭᠤᠳᠠᠭᠤᠨ ᠪᠠᠢᠭ᠎ᠠ ᠭᠡᠷ ᠣᠷᠣᠨ ᠴᠢᠨᠢ ᠥᠪᠡᠷ᠎ᠡ ᠨᠢᠭᠡᠨ ᠦ᠌ ᠬᠤᠪᠢ ᠳ᠋ᠤ᠌ ᠮᠥᠷᠥᠭᠡᠳᠦᠯ ᠪᠣᠯᠤᠭᠰᠠᠨ ᠳ᠋ᠧᠪᠠᠵᠠᠨ᠃ᠬᠠᠷᠠᠬᠤ ᠠ᠋ᠴᠠ ᠠᠭᠤᠷ ᠬᠦᠷᠦᠭᠡᠳ ᠪᠠᠢᠭ᠎ᠠ ᠳᠡᠷᠭᠡᠳᠡ ᠶ᠋ᠢᠨ ᠬᠥᠮᠦᠨ ᠢ᠋ ᠴᠢᠨᠢ ᠬᠠᠢᠷᠠᠯᠠᠨ ᠵᠢᠷᠭᠠᠭᠠᠬᠤ ᠬᠥᠮᠦᠨ ᠬᠠᠮᠢᠭ᠎ᠠ ᠨᠢᠭᠡᠲᠡᠢ ᠪᠠᠢᠭ᠎ᠠ ᠭᠡᠳᠡᠭ ᠢ᠋ ᠰᠠᠨᠠᠭᠠᠷᠠᠢ᠃ᠡᠨᠡ ᠣᠷᠴᠢᠯᠠᠩ ᠳ᠋ᠤ᠌ ᠬᠡᠨ ᠨᠢᠭᠡᠨ ᠵᠢᠷᠭᠠᠯ ᠲᠠᠭᠠᠰᠢᠶᠠᠯ ᠡᠳ᠋ᠯᠡᠵᠦ ᠪᠠᠢᠭ᠎ᠠ ᠬᠥᠮᠦᠨ ᠳ᠋ᠦ᠍ ᠳᠣᠲᠣᠭᠠᠳᠤ ᠪᠠᠢᠭᠠᠯᠢ ᠪᠠᠨ ᠮᠡᠳᠡᠷᠡᠬᠦ ᠨᠥᠬᠥᠴᠡᠯ ᠰᠢᠯᠲᠠᠭᠠᠨ ᠪᠣᠯᠳᠠᠭ ᠪᠣᠯ ᠲᠠᠨ ᠳ᠋ᠤ᠌ ᠴᠤ᠌ ᠭᠡᠰᠡᠨ ᠲᠡᠷᠡ ᠪᠣᠯᠤᠮᠵᠢ ᠪᠠᠢᠭ᠎ᠠ ᠭᠡᠰᠡᠨ ᠦᠭᠡ᠂ᠪᠣᠯᠤᠮᠵᠢ ᠶ᠋ᠢ ᠠᠰᠢᠭᠯᠠᠵᠤ ᠴᠢᠳᠠᠬᠤ ᠦᠭᠡᠢ ᠪᠠᠢᠭ᠎ᠠ ᠨᠢ ᠲᠠᠨ ᠤ᠋ ᠥᠪᠡᠷ ᠦ᠋ᠨ ᠴᠢᠨᠢ ᠮᠣᠩᠬᠠᠭᠯᠠᠯ ᠪᠢᠵᠡ᠃
ᠵᠣᠪᠠᠯᠠᠩ ᠢ᠋ ᠬᠦᠯᠢᠶᠡᠨ ᠠᠪᠬᠤᠢ
ᠤᠢᠮᠤᠷᠠᠬᠤ ᠰᠢᠯᠲᠠᠭᠠᠨ ᠳᠡᠩᠳᠡᠭᠦᠦ ᠳᠡᠩᠳᠡᠭᠦᠦ ᠣᠯᠠᠨ᠂ᠠᠭᠤᠵᠢᠷᠠᠬᠤ ᠰᠢᠯᠲᠠᠭᠠᠨ ᠳᠠᠩᠴᠤ ᠴᠥᠭᠡᠬᠡᠨ᠂ᠤᠬᠠᠭᠠᠷᠠᠵᠤ ᠦᠵᠡ ᠰᠡᠳᠬᠢᠯ ᠮᠢᠨᠢ ᠴᠢ!ᠵᠣᠪᠠᠯᠠᠩ ᠪᠠᠢᠵᠤ ᠯᠠ ᠭᠡᠭᠡᠷᠡᠯ ᠪᠠᠢᠳᠠᠭ ᠶᠤᠮ᠃ᠭᠡᠭᠡᠷᠡᠯ ᠪᠣᠯ ᠲᠠᠨᠢᠨ ᠮᠡᠳᠡᠬᠦᠢ ᠶ᠋ᠢᠨ ᠨᠡᠷ᠎ᠡ᠂
ᠪᠣᠳ᠋ᠳ᠋ᡁᠨ ᠭᠡᠳᠡᠭ ᠦᠭᠡ ᠶ᠋ᠢ ᠲᠠᠨᠢᠨ ᠮᠡᠳᠡᠭᠴᠢ ᠭᠡᠵᠦ ᠣᠷᠴᠢᠭᠤᠯᠬᠤ ᠨᠢ ᠪᠣᠢ᠃ᠵᠤᠰᠠᠢ ᠷᠢᠮᠪᠦᠴᠠᠢ ᠶ᠋ᠢᠨ ᠬᠡᠯᠡᠭᠰᠡᠨ ᠢ᠋ᠶ᠋ᠡᠷ ᠡᠨᠡ ᠪᠡᠶ᠎ᠡ ᠮᠢᠨᠢ ᠶᠧᠯᠸᠢ ᠶ᠋ᠢᠨ ᠴᠣᠭᠴᠠᠰ ᠪᠢᠯᠡ᠂ᠡᠪᠡᠳᠦᠭᠰᠡᠨ ᠴᠦ᠍ ᠪᠢ ᠵᠢᠷᠭᠠᠯ ᠲᠠᠢ᠂ᠡᠮᠦᠨ᠎ᠡ ᠬᠤᠷᠢᠶᠠᠭᠰᠠᠨ ᠮᠠᠭᠤ ᠦᠢᠯᠡ ᠶ᠋ᠢᠨ ᠦᠷ᠎ᠡ ᠰᠢᠪᠬᠠᠷᠠᠵᠤ ᠴᠡᠪᠡᠷᠰᠢᠨ᠎ᠡ᠃ᠡᠪᠡᠳᠴᠢᠨ ᠦᠭᠡᠢ ᠪᠣᠯ ᠮᠥᠨ ᠯᠡ ᠵᠢᠷᠭᠠᠯ ᠲᠠᠢ᠂ᠪᠡᠶ᠎ᠡ ᠰᠡᠳᠬᠢᠯ ᠠᠮᠤᠭᠤᠯᠠᠩ ᠪᠣᠯ ᠦᠢᠯᠡᠰ ᠪᠦᠲᠦᠭᠡᠯ ᠥᠷᠨᠢᠭᠦᠨ᠃ᠡᠳ᠋ ᠮᠥᠩᠭᠥ ᠦᠭᠡᠢ ᠪᠣᠯ ᠪᠢ ᠵᠢᠷᠭᠠᠯ ᠲᠠᠢ᠂ᠭᠠᠳᠠᠨ᠎ᠠ ᠳᠣᠲᠣᠨ᠎ᠠ ᠶ᠋ᠢᠨ ᠰᠢᠨᠤᠯ ᠬᠣᠮᠤᠭᠠᠯᠵᠠᠯ
ᠠ᠋ᠴᠠ ᠠᠩᠭᠢᠳᠠ ᠴᠢᠯᠥᠭᠡᠲᠡᠢ ᠠᠮᠢᠳᠤᠷᠠᠬᠤ ᠪᠣᠯᠤᠨ᠎ᠠ᠃ᠡᠳ᠋ ᠮᠥᠩᠭᠥ ᠲᠡᠢ ᠪᠣᠯ ᠪᠢ ᠵᠢᠷᠭᠠᠯ ᠲᠠᠢ᠂ᠥᠭᠯᠢᠭᠡ ᠶ᠋ᠢᠨ ᠦᠷ᠎ᠡ ᠲᠠᠷᠢᠶᠠᠯᠠᠵᠤ᠂ᠥᠨᠢ ᠶ᠋ᠢᠨ ᠬᠦᠨᠡᠰᠦ ᠪᠡᠨ ᠪᠠᠵᠠᠭᠠᠨ᠎ᠠ᠃ᠦᠬᠦᠯ ᠢᠷᠡᠭᠰᠡᠨ ᠴᠦ᠍ ᠪᠢ ᠵᠢᠷᠭᠠᠯ ᠲᠠᠢ᠂ᠡᠨᠡ ᠶᠡᠬᠡ ᠭᠡᠭᠡᠨ ᠤᠬᠠᠭᠠᠷᠠᠯ ᠢ᠋ᠶ᠋ᠠᠨ ᠡᠪᠦᠷᠯᠡᠨ ᠶᠠᠪᠤᠬᠤ ᠳ᠋ᠤ᠌ ᠪᠣᠳᠢ ᠮᠥᠷ ᠦ᠋ᠨ ᠤᠷᠤᠰᠬᠠᠯ ᠬᠠᠮᠢᠭ᠎ᠠ ᠠ᠋ᠴᠠ ᠲᠠᠰᠤᠷᠠᠬᠤ ᠪᠣᠢ᠃ᠥᠨᠢ ᠤᠳᠠᠭᠠᠨ ᠨᠠᠰᠤᠯᠠᠭᠰᠠᠨ ᠴᠤ᠌ ᠪᠢ ᠵᠢᠷᠭᠠᠯ ᠲᠠᠢ᠂ᠠᠷᠢᠭᠤᠨ ᠪᠢᠰᠢᠯᠭᠠᠯ ᠮᠢᠨᠢ ᠤᠯᠠᠮ ᠴᠡᠴᠡᠭᠯᠡᠨ᠂ᠠᠩᠬᠢᠯᠤᠮ᠎ᠠ ᠦᠨᠦᠷ ᠢ᠋ᠶ᠋ᠡᠨ ᠲᠦᠭᠡᠭᠡᠬᠦ ᠪᠣᠯᠤᠨ᠎ᠠ ᠃
ᠪᠤᠶᠠᠨ ᠤ᠋ ᠳᠤᠷᠠᠰᠢᠯ
ᠬᠦᠯᠢᠴᠡᠯ ᠦ᠋ᠨ ᠬᠦᠴᠦ ᠪᠡᠷ ᠬᠢᠴᠢᠶᠡᠩᠭᠦᠢ ᠶ᠋ᠢ ᠡᠭᠦᠰᠬᠡᠨ᠎ᠡ᠂ᠬᠢᠴᠢᠶᠡᠩᠭᠦᠢ ᠶ᠋ᠢᠨ ᠬᠦᠴᠦ ᠪᠡᠷ ᠭᠡᠭᠡᠷᠡᠯ ᠢ᠋ ᠣᠯᠤᠨ᠎ᠠ᠃ᠬᠡᠢ ᠦᠭᠡᠢ
ᠪᠣᠯ ᠶᠠᠭᠤᠮᠠᠰ ᠬᠥᠳᠡᠯᠬᠦ ᠦᠭᠡᠢ ᠰᠢᠭ ᠬᠢᠴᠢᠶᠡᠬᠦ ᠦᠭᠡᠢ ᠪᠣᠯ ᠪᠤᠶᠠᠨ ᠬᠥᠭᠵᠢᠬᠦ ᠦᠭᠡᠢ᠃ᠪᠤᠶᠠᠨ ᠳ᠋ᠤ᠌ ᠳᠤᠷᠠᠰᠢᠶᠠᠬᠤ ᠨᠢ ᠬᠢᠴᠢᠶᠡᠯ ᠪᠥᠭᠡᠳ ᠪᠠᠭᠤᠷᠠᠰᠢ ᠦᠭᠡᠢ ᠰᠡᠳᠬᠢᠯ ᠦ᠋ᠨ ᠡᠰᠡᠷᠭᠦ ᠲᠠᠯ᠎ᠠ ᠨᠢ ᠪᠤᠳᠤᠩᠭᠤᠢ ᠵᠠᠯᠬᠠᠭᠤ᠂ᠪᠣᠷᠳᠠᠭᠳᠦ ᠰᠢᠨᠤᠩᠬᠠᠢ᠂
ᠥᠪᠡᠷ ᠢ᠋ ᠪᠡᠨ ᠪᠠᠰᠤᠮᠵᠢᠯᠠᠬᠤ ᠥᠭᠡᠳᠡ ᠦᠭᠡᠢ ᠵᠠᠩ ᠮᠥᠨ᠃
ᠪᠢᠰᠢᠯᠭᠠᠯ ᠤ᠋ᠨ ᠤᠴᠢᠷ ᠤᠳᠬ᠎ᠠ
ᠠᠮᠤᠷᠯᠢᠩᠭᠤᠢ ᠠᠭᠠᠳ ᠨᠢᠭᠡᠨ ᠪᠢᠯᠢᠭ ᠢ᠋ᠶ᠋ᠡᠷ ᠠᠳᠬᠠᠭ ᠨᠢᠰᠸᠠᠨᠢᠰ ᠤ᠋ᠨ ᠦᠨᠳᠦᠰᠦ ᠶ᠋ᠢ ᠲᠠᠰᠤᠯᠤᠨ᠎ᠠ᠂ᠠᠬᠤᠢ ᠶᠢᠷᠲᠢᠨᠴᠦ ᠡᠴᠡ ᠰᠡᠳᠬᠢᠯ ᠠᠩᠭᠢᠵᠢᠷᠠᠵᠤ᠂ᠠᠮᠤᠷᠯᠢᠩᠭᠤᠢ ᠴᠢᠨᠠᠷ ᠢ᠋ ᠠᠩᠬᠠᠯᠠᠨ ᠡᠵᠡᠮᠰᠢ᠂ᠡᠬᠢᠯᠡᠭᠡᠳ ᠲᠠᠢᠪᠤᠰᠢᠷᠠ᠂ᠤᠯᠠᠮ ᠢ᠋ᠶ᠋ᠠᠷ ᠬᠡᠬᠡᠷ᠎ᠡ᠂
ᠠᠮᠤᠷᠯᠢᠩᠭᠤᠢ ᠶ᠋ᠢᠨ ᠲᠥᠯᠥᠪ ᠲᠦ᠍ ᠣᠷᠣᠭᠰᠠᠨ ᠤ᠋ ᠪᠠᠨ ᠳᠠᠷᠠᠭ᠎ᠠ ᠯᠠ ᠪᠢᠯᠢᠭ ᠤᠬᠠᠭᠠᠨ ᠤ᠋ ᠪᠢᠰᠢᠯᠭᠠᠯ ᠬᠢᠬᠦ ᠤᠴᠢᠷ
ᠲᠠᠢ᠃ᠠᠮᠤᠷᠯᠢᠩᠭᠤᠢ ᠶ᠋ᠢᠨ ᠪᠢᠰᠢᠯᠭᠠᠯ ᠪᠣᠯ ᠡᠪᠡᠳᠴᠢᠨ ᠨᠠᠮᠳᠠᠭᠠᠬᠤ ᠲᠠᠷᠢᠶ᠎ᠠ ᠲᠠᠢ ᠠᠳᠠᠯᠢ᠂ᠪᠢᠯᠢᠭ ᠤᠬᠠᠭᠠᠨ ᠤ᠋ ᠪᠢᠰᠢᠯᠭᠠᠯ
ᠪᠣᠯ ᠮᠡᠰᠡ ᠵᠠᠰᠠᠯ ᠬᠢᠬᠦ᠂ᠡᠪᠡᠳᠴᠢᠨ ᠦ᠌ ᠦᠨᠳᠦᠰᠦ ᠶ᠋ᠢ ᠲᠠᠰᠤᠯᠠᠬᠤ ᠲᠠᠢ ᠢᠵᠢᠯᠢ᠃ᠰᠡᠳᠬᠢᠯ ᠠᠳᠠ᠂ᠣᠳᠣ ᠴᠠᠭ ᠲᠠᠭᠠᠨ ᠪᠦᠷᠢᠨ ᠲᠡᠭᠦᠰ ᠠᠭᠤᠰᠬᠤ ᠴᠠᠭ ᠲᠤ᠌ ᠪᠣᠳᠣᠯ ᠤ᠋ᠨ ᠲᠠᠯᠠᠰ ᠴᠦ᠍ ᠰᠠᠷᠨᠢᠵᠤ᠂ᠰᠡᠳᠬᠢᠯ ᠦ᠋ᠨ ᠬᠠᠢᠯᠤᠮᠠ ᠪᠣᠯᠤᠭᠰᠠᠨ ᠢ᠋ᠶ᠋ᠠᠷ ᠲᠣᠪ ᠲᠤᠩᠭᠠᠯᠠᠭ᠂ᠭᠡᠭᠡᠨ ᠰᠠᠷᠠᠭᠤᠯ ᠣᠷᠣᠨ ᠵᠠᠢ ᠶ᠋ᠢ ᠮᠡᠳᠡᠷᠡᠨ᠎ᠡ᠃ᠡᠨᠡ ᠦᠶ᠎ᠡ ᠳ᠋ᠦ᠍ ᠳᠣᠲᠣᠭᠠᠳᠤ ᠬᠡᠢ ᠪᠦᠬᠦ ᠪᠡᠶ᠎ᠡ ᠪᠡᠷ
ᠵᠠᠳᠠᠷᠠᠨ ᠲᠦᠭᠡᠭᠰᠡᠨ ᠢ᠋ᠶ᠋ᠡᠷ ᠪᠡᠶ᠎ᠡ ᠶ᠋ᠢᠨ ᠬᠠᠢᠯᠤᠮᠠ ᠪᠣᠯᠵᠤ᠂ᠬᠥᠩᠭᠡᠨ ᠰᠢᠩᠭᠡᠨ ᠳᠣᠯᠭᠢᠶᠠᠯᠠᠳᠠᠭ ᠮᠡᠳᠡᠷᠡᠮᠵᠢ ᠳ᠋ᠦ᠍ ᠤᠮᠪᠠᠨ᠎ᠠ᠃
ᠡᠢᠮᠦ ᠵᠢᠷᠭᠠᠯ ᠲᠠᠭᠠᠰᠢᠶᠠᠯ ᠢ᠋ ᠠᠮᠤᠷᠯᠢᠩᠭᠤᠢ ᠲᠥᠯᠥᠪ ᠭᠡᠵᠦ ᠬᠡᠯᠡᠳᠡᠭ᠃ᠪᠢᠳᠡ ᠦᠨᠡᠨ ᠳᠣᠲᠣᠷ᠎ᠠ ᠪᠤᠷᠬᠠᠨᠯᠢᠭ ᠳᠤᠮᠳᠠ ᠪᠠᠢᠭᠰᠠᠭᠠᠷ ᠠᠲᠠᠯ᠎ᠠ ᠮᠤᠩᠬᠠᠭ ᠤ᠋ᠨ ᠵᠡᠭᠦᠳᠦᠨ ᠳ᠋ᠡᠭᠡᠨ ᠠᠪᠲᠠᠵᠤ ᠵᠣᠪᠠᠯᠠᠩ ᠢ᠋ᠶ᠋ᠠᠨ ᠡᠳ᠋ᠯᠡᠳᠡᠭ ᠶᠦ᠍ᠮ ᠰᠠᠨᠵᠢ᠃ᠵᠡᠭᠦᠳᠦᠨ ᠡᠴᠡ ᠰᠡᠷᠢᠭᠡᠬᠦ ᠠᠷᠭ᠎ᠠ ᠵᠠᠮ ᠢ᠋ ᠪᠢᠰᠢᠯᠭᠠᠯ ᠭᠡᠳᠡᠭ᠃ᠪᠣᠳᠢ ᠰᠡᠳᠬᠢᠯ ᠡᠴᠡ ᠢᠯᠡᠭᠦᠦ ᠷᠢᠳᠢ ᠰᠢᠳᠢ ᠪᠠᠢᠬᠤ ᠦᠭᠡᠢ᠂ᠬᠣᠭᠣᠰᠣᠨ ᠴᠢᠨᠠᠷ ᠠ᠋ᠴᠠ ᠢᠯᠡᠭᠦᠦ ᠡᠷᠬᠡ ᠴᠢᠯᠥᠭᠡ ᠪᠠᠢᠬᠤ ᠦᠭᠡᠢ᠂ᠬᠠᠢᠷᠠᠯᠠᠨ ᠨᠢᠭᠦᠯᠡᠰᠬᠦ ᠡᠴᠡ ᠢᠯᠡᠭᠦᠦ ᠪᠤᠶᠠᠨ ᠵᠠᠶᠠᠭ᠎ᠠ ᠪᠠᠢᠬᠤ ᠦᠭᠡᠢ᠂ᠠᠷᠢᠭᠤᠰᠤᠨ ᠭᠡᠢᠬᠦ ᠡᠴᠡ ᠢᠯᠡᠭᠦᠦ ᠠᠰᠢᠭ ᠵᠠᠪᠰᠢᠶᠠᠨ ᠪᠠᠢᠬᠤ ᠦᠭᠡᠢ᠂ᠪᠢᠰᠢᠯᠭᠠᠯ ᠤ᠋ᠨ ᠵᠠᠮ ᠳ᠋ᠤ᠌ ᠬᠥᠯ ᠲᠠᠯᠪᠢᠭᠰᠠᠨ ᠬᠡᠨ ᠴᠦ᠍ ᠪᠠᠢ᠂ᠡᠨᠡ ᠰᠠᠨᠠᠮᠵᠢ ᠶ᠋ᠢ ᠵᠢᠷᠦᠬᠡᠨ ᠲᠣᠯᠲᠣ ᠳ᠋ᠤ᠌ ᠪᠠᠨ ᠰᠡᠢᠯᠬᠦ ᠤᠴᠢᠷ ᠲᠠᠢ᠃
ᠤᠳᠬ᠎ᠠ ᠦᠭᠡᠢ ᠰᠢᠨᠤᠯ ᠠ᠋ᠴᠠ ᠥᠭᠡᠳᠡ ᠨᠢ ᠰᠠᠯᠭᠠᠵᠤ᠂ᠠᠭᠯᠠᠭ ᠣᠷᠣᠨ᠎ᠠ ᠠᠮᠤᠷᠯᠢᠨ ᠪᠢᠰᠢᠯᠭᠠᠶᠠ !
ᠤᠷᠮ᠎ᠠ ᠦᠭᠡᠢ ᠲᠡᠮᠡᠴᠡᠯ ᠡᠴᠡ ᠬᠣᠯᠠᠳᠤᠨ ᠵᠠᠢᠯᠠᠵᠤ᠂ᠨᠠᠮᠤᠭᠤᠬᠠᠨ ᠣᠢ ᠳ᠋ᠤ᠌ ᠨᠠᠯᠠᠢᠨ ᠰᠠᠭᠤᠶ᠎ᠠ!
ᠭᠠᠳᠠᠭᠠᠳᠤ ᠪᠠᠢᠭᠠᠯᠢ ᠨᠢ ᠬᠥᠮᠦᠨ ᠳ᠋ᠦ᠍ ᠳᠣᠲᠣᠭᠠᠳᠤ ᠪᠠᠢᠭᠠᠯᠢ ᠪᠠᠨ ᠮᠡᠳᠡᠷᠡᠬᠦ ᠨᠥᠬᠥᠴᠡᠯ ᠰᠢᠯᠲᠠᠭᠠᠨ ᠪᠣᠯᠳᠠᠭ᠃
ᠪᠠᠢᠭᠠᠯᠢ ᠥᠪᠡᠷ ᠢ᠋ᠶ᠋ᠡᠨ ᠬᠢᠮᠡᠯ ᠵᠡᠭᠦᠮᠡᠯ ᠶᠠᠭᠤᠮ᠎ᠠ ᠦᠭᠡᠢ ᠡᠩ ᠦ᠋ᠨ ᠤᠴᠢᠷ ᠠ᠋ᠴᠠ ᠪᠠᠢᠭᠠᠯᠢ ᠶ᠋ᠢᠨ ᠣᠷᠴᠢᠨ ᠳ᠋ᠤ᠌ ᠪᠡᠶᠡᠲᠦ ᠬᠥᠮᠦᠨ ᠦ᠌ ᠡᠮᠦᠰᠬᠡᠯ ᠵᠡᠭᠦᠰᠦᠯ ᠢ᠋ᠶ᠋ᠡᠨ ᠲᠠᠢᠯᠵᠤ᠂ᠡᠩ ᠦ᠋ᠨ ᠮᠥᠨ ᠴᠢᠨᠠᠷ ᠢ᠋ᠶ᠋ᠠᠨ ᠤᠬᠠᠮᠰᠠᠷᠯᠠᠬᠤ ᠳ᠋ᠤ᠌ ᠳᠥᠭᠥᠮ ᠪᠠᠢᠳᠠᠭ᠃ᠶᠡᠷᠦᠳᠡ ᠪᠡᠨ ᠥᠷᠥᠭᠡ ᠲᠠᠰᠤᠯᠭᠠᠨ ᠳ᠋ᠤ᠌ ᠪᠠᠢᠯ᠎ᠠ ᠴᠤ᠌ ᠲᠡᠭᠦᠨ ᠢ᠋ ᠪᠡᠨ ᠡᠩᠬᠡ ᠴᠡᠩᠭᠡ ᠶ᠋ᠢᠨ ᠣᠷᠣᠨ ᠤ᠋ ᠣᠢ ᠴᠡᠴᠡᠷᠯᠢᠭ ᠪᠤᠶᠤ ᠠᠭᠨᠢᠰᠳᠠ ᠶ᠋ᠢᠨ ᠠᠷᠢᠭᠤᠨ ᠲᠠᠭᠱᠠᠨ ᠠᠭᠤᠢ ᠭᠡᠮᠡᠨ ᠲᠥᠰᠦᠪᠯᠡᠵᠦ᠂ᠠᠷᠪᠠᠨ ᠵᠦᠭ ᠭᠤᠷᠪᠠᠨ ᠴᠠᠭ ᠤ᠋ᠨ ᠭᠡᠭᠡᠨ ᠪᠣᠳᠢᠰᠠᠳ᠋ᠸ᠎ᠠ ᠨᠠᠷ ᠤ᠋ᠨ ᠠᠳᠢᠰᠯᠠᠯ ᠳᠣᠣᠷ᠎ᠠ ᠡᠬᠡ ᠪᠣᠯᠤᠭᠰᠠᠨ ᠬᠠᠮᠤᠭ ᠠᠮᠢᠲᠠᠨ ᠤ᠋ ᠲᠤᠰᠠ ᠶ᠋ᠢᠨ ᠲᠤᠯᠠᠳᠠ ᠡᠨᠡ ᠰᠠᠭᠤᠳᠠᠯ ᠳᠡᠭᠡᠷ᠎ᠡ ᠭᠡᠭᠡᠷᠡᠶᠡ ᠭᠡᠰᠡᠨ ᠪᠣᠳᠢ ᠰᠡᠳᠬᠢᠯ ᠢ᠋ ᠡᠭᠦᠰᠬᠡᠭᠡᠷᠡᠢ᠃
ᠪᠢᠰᠢᠯᠭᠠᠯ ᠤ᠋ᠨ ᠰᠠᠭᠤᠳᠠᠯ ᠴᠢᠬᠤᠯᠠ ᠡᠭᠦᠷᠭᠡ ᠲᠡᠢ
ᠪᠣᠳ᠋ᠳ᠋ᡁᠨ ᠤ᠋ ᠲᠡᠭᠰᠢ ᠭᠡᠮᠲᠦ ᠯᠢᠩᠬᠤ᠎ᠠ ᠰᠠᠭᠤᠳᠠᠯ ᠪᠣᠯ ᠪᠡᠶ᠎ᠡ ᠰᠡᠳᠬᠢᠯ ᠲᠡᠭᠰᠢ ᠠᠮᠤᠭᠤᠯᠠᠩ ᠣᠷᠣᠰᠢᠬᠤ ᠶ᠋ᠢᠨ ᠦᠯᠢᠭᠡᠷ ᠵᠠᠭᠪᠤᠷ᠃ᠠᠮᠤᠷᠯᠢᠩᠭᠤᠢ ᠪᠢᠰᠢᠯᠭᠠᠯ ᠤ᠋ᠨ ᠤᠳᠬ᠎ᠠ ᠤᠴᠢᠷ ᠨᠢ ᠡᠨᠳᠡ ᠣᠳᠣ ᠴᠠᠭ ᠲᠠᠭᠠᠨ ᠪᠦᠷᠢᠨ ᠠᠭᠤᠰᠬᠤ
ᠳ᠋ᠤ᠌ ᠣᠷᠣᠰᠢᠨ᠎ᠠ᠃ᠡᠨᠳᠡ᠂ᠣᠳᠣ ᠭᠡᠰᠡᠨ ᠵᠠᠷᠴᠢᠮ ᠪᠣᠯ ᠪᠢᠰᠢᠯᠭᠠᠯ ᠤ᠋ᠨ ᠭᠣᠣᠯ ᠮᠥᠷᠳᠡᠯᠭᠡ᠃ᠰᠡᠳᠬᠢᠯ ᠢ᠋ᠶ᠋ᠡᠨ ᠠᠵᠢᠭᠯᠠ !
ᠰᠡᠳᠬᠢᠯ ᠢ᠋ᠶ᠋ᠡᠨ ᠠᠵᠢᠭᠯᠠᠬᠤ ᠨᠢ ᠬᠡᠴᠡᠭᠦᠦ ᠪᠣᠯ ᠠᠮᠢᠰᠬᠤᠯ ᠢ᠋ᠶ᠋ᠠᠨ ᠠᠵᠢᠭᠯᠠᠭᠠᠷᠠᠢ!ᠠᠮᠢᠰᠬᠤᠯ ᠪᠣᠯ ᠰᠡᠳᠬᠢᠯ ᠦ᠋ᠨ ᠪᠡᠶᠡᠯᠢᠭ ᠬᠡᠯᠪᠡᠷᠢ᠂ᠰᠡᠳᠬᠢᠯ ᠪᠣᠯ ᠠᠮᠢᠰᠬᠤᠯ ᠤ᠋ᠨ ᠤᠬᠠᠮᠰᠠᠷᠯᠢᠭ ᠬᠡᠯᠪᠡᠷᠢ ᠶᠦ᠍ᠮ᠃ᠰᠡᠳᠬᠢᠯ ᠦ᠋ᠨ ᠬᠡᠮᠨᠡᠯ ᠥᠭᠡᠷᠡᠴᠢᠯᠡᠭᠳᠡᠬᠦ ᠳ᠋ᠦ᠍ ᠠᠮᠢᠰᠬᠤᠯ ᠤ᠋ᠨ ᠬᠡᠮᠨᠡᠯ ᠥᠭᠡᠷᠡᠴᠢᠯᠡᠭᠳᠡᠳᠡᠭ᠂ᠰᠡᠳᠬᠢᠯ ᠠᠭᠤᠵᠢᠷᠠᠬᠤ ᠳ᠋ᠤ᠌ ᠠᠮᠢᠰᠬᠤᠯ ᠴᠤ᠌ ᠠᠭᠤᠵᠢᠷᠠᠨ᠎ᠠ᠃ᠠᠮᠢᠰᠬᠤᠯ ᠵᠣᠭᠰᠣᠬᠤ ᠳ᠋ᠤ᠌ ᠰᠡᠳᠬᠢᠯ ᠴᠦ᠍ ᠵᠣᠭᠰᠣᠳᠠᠭ᠃ᠡᠨᠡ ᠪᠣᠯ ᠵᠢᠩᠬᠢᠨᠢ ᠠᠮᠤᠷᠴᠦ ᠲᠠᠢᠪᠤᠰᠢᠷᠠᠵᠤ ᠪᠦᠬᠦᠢ ᠮᠥᠴᠡ ᠶᠦ᠍ᠮ᠃ᠡᠨᠡ ᠦᠶ᠎ᠡ
ᠳ᠋ᠦ᠍ ᠲᠠ ᠳᠣᠲᠣᠭᠠᠳᠤ ᠣᠷᠣᠨ ᠵᠠᠢ ᠤᠷᠤᠭᠤ ᠪᠠᠨ ᠬᠠᠷᠠᠭ᠎ᠠ ᠪᠠᠨ ᠰᠢᠯᠵᠢᠭᠦᠯ᠂ᠪᠣᠳᠣᠯ ᠤ᠋ᠨ ᠬᠣᠭᠣᠷᠣᠨᠳᠣᠬᠢ ᠬᠣᠭᠣᠰᠣᠨ ᠣᠷᠣᠨ ᠵᠠᠢ ᠶ᠋ᠢ ᠮᠡᠳᠡᠷᠡ᠃ ᠪᠣᠳᠣᠯ᠂ᠲᠡᠭᠡᠭᠡᠳ ᠬᠣᠭᠣᠰᠣᠨ᠂ᠠᠬᠢᠭᠠᠳ ᠪᠣᠳᠣᠯ᠂ᠳᠠᠬᠢᠭᠠᠳ ᠬᠣᠭᠣᠰᠣᠨ᠂᠂᠂᠂᠂᠂
ᠠᠵᠢᠭᠯᠠᠬᠤ ᠲᠣᠰᠤᠮ ᠬᠣᠭᠣᠰᠣᠨ ᠣᠷᠣᠨ ᠵᠠᠢ ᠤᠯᠠᠮ ᠲᠡᠯᠡᠨ᠎ᠡ᠃ᠨᠢᠭᠡ ᠯᠡ ᠮᠡᠳᠡᠬᠦ ᠳ᠋ᠦ᠍ ᠬᠣᠪ ᠬᠣᠭᠣᠰᠣᠨ ᠲᠣᠪ ᠲᠤᠩᠭᠠᠯᠠᠭ ᠣᠷᠣᠨ ᠵᠠᠢ ᠠ᠋ᠴᠠ ᠥᠭᠡᠷ᠎ᠡ ᠶᠠᠭᠤ ᠴᠤ᠌ ᠦᠭᠡᠢ ᠪᠣᠯᠤᠨ᠎ᠠ᠃ᠡᠨᠡ ᠪᠣᠯ ᠲᠠᠨ ᠤ᠋ ᠳᠣᠲᠣᠭᠠᠳᠤ ᠠᠭᠯᠠᠭ ᠣᠷᠣᠨ ᠶᠤᠮ᠃ᠵᠢᠩᠬᠢᠨᠢ ᠰᠡᠳᠬᠢᠯ ᠦ᠋ᠨ ᠪᠠᠢᠭᠠᠯᠢ ᠥᠩᠭᠡ ᠮᠥᠩᠭᠥᠨ ᠦ᠌ ᠶᠢᠷᠲᠢᠨᠴᠦ ᠡᠴᠡ ᠡᠷᠢᠵᠦ ᠣᠯᠤᠰᠢ ᠦᠭᠡᠢ ᠲᠠᠩᠰᠤᠭ ᠳ᠋ᠧᠪᠠᠵᠠᠨ!ᠡᠨᠡ ᠰᠡᠯᠡᠭᠦᠦ ᠬᠣᠭᠣᠰᠣᠨ ᠳ᠋ᠤ᠌ ᠤᠯᠠᠮ ᠭᠦᠨᠵᠡᠭᠡᠢ ᠨᠠᠪᠲᠠᠷᠠ!ᠳᠣᠲᠣᠭᠠᠳᠤ ᠣᠷᠣᠨ ᠵᠠᠢ ᠴᠢᠨᠢ ᠭᠠᠳᠠᠭᠠᠳᠤ ᠣᠷᠣᠨ ᠵᠠᠢ ᠯᠤᠭ᠎ᠠ ᠠᠭᠤᠰᠤᠯᠳᠤᠵᠤ᠂ᠪᠦᠬᠦ ᠢᠯᠭᠠᠭ᠎ᠠ ᠵᠠᠭᠠᠭ ᠠᠷᠢᠯᠵᠤ ᠵᠠᠮᠬᠠᠷᠠᠨ᠎ᠠ ᠃
ᠦᠨᠡᠮᠯᠡᠬᠦᠢ ᠦᠨᠡᠨ
ᠦᠵᠡᠭᠳᠡᠬᠦ ᠬᠡᠯᠪᠡᠷᠢ ᠢᠨᠠᠭᠤᠬᠢ ᠦᠨᠡᠨ᠂ᠦᠨᠡᠮᠯᠡᠬᠦᠢ ᠴᠢᠨᠠᠷ ᠴᠢᠨᠠᠳᠤ ᠶ᠋ᠢᠨ ᠦᠨᠡᠨ᠃ᠢᠨᠠᠭᠤᠬᠢ ᠦᠨᠡᠨ ᠣᠶᠤᠨ ᠳ᠋ᠤ᠌ ᠭᠥᠷᠳᠡᠭᠳᠡᠨᠡ᠂ᠴᠢᠨᠠᠳᠤ ᠶ᠋ᠢᠨ ᠦᠨᠡᠨ ᠣᠶᠤᠨ ᠠ᠋ᠴᠠ ᠬᠡᠲᠦᠢᠳᠦᠨᠡ᠃ᠴᠢᠨᠠᠳᠤ ᠶ᠋ᠢᠨ ᠦᠨᠡᠨ ᠣᠶᠤᠨ ᠳ᠋ᠤ᠌ ᠪᠠᠷᠢᠭᠳᠠᠰᠢ ᠦᠭᠡᠢ᠂ᠣᠶᠤᠨ ᠳ᠋ᠤ᠌ ᠪᠠᠷᠢᠭᠳᠠᠰᠢ ᠦᠭᠡᠢ ᠤᠴᠢᠷ ᠠ᠋ᠴᠠ ᠯᠠ ᠲᠡᠭᠦᠨ ᠢ᠋ ᠴᠢᠨᠠᠳᠤ ᠶ᠋ᠢᠨ ᠦᠨᠡᠨ ᠭᠡᠳᠡᠭ᠃ ᠪᠢᠳᠡᠨ ᠦ᠌ ᠰᠠᠷᠠᠯ ᠰᠡᠳᠬᠢᠬᠦᠢ ᠳ᠋ᠦ᠍ ᠬᠦᠷᠲᠡᠭᠳᠡᠵᠦ ᠪᠣᠢ ᠪᠦᠬᠦᠨ ᠢᠨᠠᠭᠤᠬᠢ ᠦᠨᠡᠨ᠂ᠢᠨᠠᠭᠤᠬᠢ ᠭᠡᠳᠡᠭ ᠨᠢ ᠨᠠᠭᠠᠳᠤ
ᠲᠠᠯ᠎ᠠ ᠶ᠋ᠢᠨ ᠥᠩᠭᠡᠪᠴᠢ ᠪᠠᠢᠳᠠᠯ ᠭᠡᠰᠡᠨ ᠦᠭᠡ᠂ᠦᠨᠡᠨ ᠢ᠋ ᠢᠯᠡᠷᠬᠡᠢᠯᠡᠵᠦ ᠪᠣᠯᠳᠠᠭ ᠦᠭᠡᠢ ᠶᠦ᠍ᠮ᠃ᠦᠨᠡᠨ ᠢ᠋ ᠢᠯᠡᠷᠬᠡᠢᠯᠡᠭᠰᠡᠨ ᠴᠠᠭ ᠲᠤ᠌᠂ᠲᠡᠷᠡ ᠦᠨᠡᠨ ᠨᠢ ᠦᠨᠡᠨ ᠪᠢᠰᠢ ᠪᠣᠯᠤᠨ᠎ᠠ᠃ᠪᠣᠳᠢ ᠮᠣᠳᠣᠨ ᠤ᠋ ᠳᠣᠣᠷ᠎ᠠ ᠪᠢᠰᠢᠯᠭᠠᠯ ᠳ᠋ᠤ᠌ ᠰᠠᠭᠤᠭᠰᠠᠨ ᠪᠣᠳ᠋ᠳ᠋ᡁᠨ ᠦᠨᠡᠨ ᠢ᠋ ᠨᠡᠬᠡᠭᠡᠳ ᠳᠣᠯᠣᠭᠠᠨ ᠳᠣᠯᠣᠭ᠎ᠠ ᠳᠥᠴᠢ ᠶᠢᠰᠦᠨ ᠬᠣᠨᠣᠭ ᠳᠠᠭᠤ ᠦᠭᠡᠢ ᠰᠠᠭᠤᠭᠰᠠᠨ ᠭᠡᠳᠡᠭ᠃ᠪᠢᠯᠢᠭ ᠪᠠᠷᠠᠮᠢᠳ ᠤ᠋ᠨ ᠰᠤᠳᠤᠷ ᠲᠤ᠌ ᠥᠭᠦᠯᠡᠭᠰᠡᠨ ᠢ᠋ᠶ᠋ᠡᠷ:《ᠭᠦᠨ᠂ᠠᠮᠤᠷᠯᠢᠩᠭᠤᠢ᠂ᠲᠥᠭᠡᠷᠢᠯ ᠡᠴᠡ ᠠᠩᠭᠢᠵᠢᠷᠠᠭᠰᠠᠨ ᠭᠡᠭᠡᠨ ᠲᠤᠩᠭᠠᠯᠠᠭ ᠬᠣᠷᠣᠮ ᠢ᠋ ᠰᠦᠯᠳᠡᠭᠰᠡᠨ ᠮᠥᠩᠬᠡ ᠶ᠋ᠢᠨ ᠷᠠᠰᠢᠶᠠᠨ ᠮᠡᠲᠦ ᠦᠨᠡᠨ ᠢ᠋ ᠪᠢ ᠣᠯᠤᠯ᠎ᠠ!ᠬᠡᠨ ᠳ᠋ᠦ᠍ ᠲᠠᠢᠯᠪᠤᠷᠢᠯᠠᠭᠰᠠᠨ ᠴᠤ᠌ ᠣᠢᠯᠠᠭᠠᠬᠤ ᠦᠭᠡᠢ ᠲᠤᠯᠠ ᠲᠣᠪ ᠳᠤᠭᠤᠢ ᠰᠠᠭᠤᠶ᠎ᠠ》 ᠭᠡᠰᠡᠨ ᠦᠭᠡ ᠶ᠋ᠢ ᠪᠣᠳ᠋ᠳ᠋ᡁᠨ ᠤ᠋ ᠬᠠᠮᠤᠭ ᠤ᠋ᠨ ᠡᠬᠢᠨ ᠦ᠌ ᠰᠤᠷᠭᠠᠯ ᠭᠡᠵᠡᠢ ᠃
ᠪᠢ ᠦᠭᠡᠢ ᠶ᠋ᠢᠨ ᠪᠢᠰᠢᠯᠭᠠᠯ
ᠠᠶᠤᠭᠴᠢ ᠪᠢ ᠨᠢ ᠪᠣᠳᠠᠲᠠᠢ ᠪᠠᠢᠭᠰᠠᠨ ᠪᠣᠯ ᠠᠶᠤᠯᠭᠠᠬᠤ ᠠᠶᠤᠯ ᠬᠠᠮᠢᠭ᠎ᠠ ᠠ᠋ᠴᠠ ᠮᠤᠩᠳᠠᠬᠤ ᠪᠣᠢ᠃ᠠᠵᠢᠵᠤ ᠰᠢᠨᠵᠢᠪᠡᠰᠦ ᠪᠢ ᠭᠡᠭᠴᠢ ᠠᠯᠭ᠎ᠠ᠂ᠠᠶᠤᠯ ᠢ᠋ ᠲᠡᠭᠡᠬᠦ ᠳ᠋ᠦ᠍ ᠬᠡᠨ ᠦ᠌ ᠨᠡᠷ᠎ᠡ ᠭᠡᠬᠦ ᠪᠣᠢ?ᠲᠥᠷᠥ ᠳ᠋ᠦ᠍ ᠭᠠᠪᠢᠶ᠎ᠠ ᠲᠠᠢ ᠲᠦᠮᠡᠨ ᠳ᠋ᠦ᠍ ᠬᠦᠨᠳᠦᠲᠡᠢ ᠨᠢᠭᠡᠨ ᠨᠣᠶᠠᠨ ᠪᠠᠢᠵᠠᠢ᠂ᠡᠷᠬᠡ ᠬᠦᠴᠦ ᠡᠳ᠋ ᠪᠠᠶᠠᠯᠢᠭ ᠲᠠᠭᠠᠨ ᠡᠷᠳᠦᠵᠦ ᠪᠠᠷᠳᠠᠬᠤ ᠶ᠋ᠢ ᠴᠡᠭᠡᠷᠯᠡᠨ᠂ᠡᠩ ᠦ᠋ᠨ ᠳᠠᠷᠤᠤ ᠰᠤᠷᠲᠠᠯ ᠶᠣᠰᠣ ᠶ᠋ᠢ ᠡᠷᠬᠢᠮᠯᠡ ᠪᠣᠳ᠋ᠳ᠋ᡁᠨ ᠤ᠋ ᠰᠤᠷᠭᠠᠯ ᠨᠣᠮ ᠢ᠋ ᠬᠢᠴᠢᠶᠡᠩᠭᠦᠢᠯᠡᠨ ᠰᠣᠳᠣᠯᠠᠬᠤ ᠪᠣᠯᠵᠠᠢ᠃ᠨᠢᠭᠡᠨ ᠨᠣᠮᠴᠢ ᠯᠠᠮᠠ ᠲᠠᠢ ᠪᠠᠭᠰᠢ ᠱᠠᠪᠢ ᠪᠠᠷᠢᠯᠳᠤᠵᠤ ᠡᠳᠦᠷ ᠪᠦᠷᠢ ᠨᠣᠮ ᠤ᠋ᠨ ᠷᠠᠰᠢᠶᠠᠨ ᠬᠦᠷᠲᠡᠳᠡᠭ ᠪᠠᠢᠪᠠ᠃ᠶᠡᠬᠡ ᠬᠥᠮᠦᠨ ᠪᠣᠯᠪᠠᠴᠤ ᠱᠠᠪᠢ ᠶ᠋ᠢᠨ ᠪᠢᠰᠢᠷᠡᠯ ᠲᠠᠬᠢᠮᠳᠠᠭᠤ ᠶᠣᠰᠣ ᠶ᠋ᠢ ᠰᠠᠢᠲᠤᠷ ᠰᠠᠬᠢᠳᠠᠭ ᠪᠠᠢᠯ᠎ᠠ ᠃ᠨᠢᠭᠡᠨ ᠡᠳᠦᠷ ᠪᠠᠭᠰᠢ ᠲᠠᠢ ᠪᠠᠨ ᠠᠭᠤᠯᠵᠠᠵᠤ ᠰᠠᠭᠤᠬᠤ ᠳ᠋ᠠᠭᠠᠨ ᠄《ᠬᠤᠲᠤᠭᠲᠤ ᠮᠢᠨᠢ ᠠ᠋᠂ᠪᠢᠯᠢᠭ ᠪᠠᠷᠠᠮᠢᠳ ᠤ᠋ᠨ ᠰᠤᠳᠤᠷ ᠲᠤ᠌ ᠣᠯᠠᠨᠲᠠ ᠭᠠᠷᠳᠠᠭ (ᠪᠢ ᠶ᠋ᠢ ᠪᠠᠷᠢᠮᠲᠠᠯᠠᠬᠤ ᠦᠭᠡᠢ) ᠭᠡᠵᠦ ᠭᠡᠵᠦ ᠴᠣᠬᠣᠮ ᠶᠠᠭᠤ ᠶ᠋ᠢ ᠬᠡᠯᠡᠨ᠎ᠡ ᠪᠣᠢ?》ᠭᠡᠮᠡᠨ ᠶᠡᠬᠡ ᠯᠡ ᠨᠤᠬᠤᠴᠠ ᠲᠠᠢ ᠠᠰᠠᠭᠤᠯ᠎ᠠ᠃ᠡᠨᠡ ᠠᠰᠠᠭᠤᠯᠲᠠ ᠶ᠋ᠢ ᠰᠣᠨᠣᠰᠤᠭᠠᠳ ᠦᠷᠭᠦᠯᠵᠢ ᠠᠮᠤᠷᠯᠢᠩᠭᠤᠢ ᠮᠦᠰᠢᠶᠡᠯ ᠲᠣᠳᠣᠷᠠᠵᠤ ᠪᠠᠢᠳᠠᠭ ᠪᠠᠭᠰᠢ ᠶ᠋ᠢᠨ ᠬᠢᠨᠢ ᠴᠢᠷᠠᠢ ᠴᠣᠴᠡᠷ ᠬᠣᠪᠢᠰᠬᠢᠵᠦ ᠄《ᠠᠯᠢ ᠪᠠᠯᠠᠢ ᠶᠠᠭᠤᠮ᠎ᠠ ᠠᠰᠠᠭᠤᠵᠤ ᠶᠠᠪᠤᠳᠠᠭ ᠡᠷᠭᠢᠭᠦᠦ ᠬᠠᠷ᠎ᠠ ᠡᠯᠵᠢᠭᠡ ᠪᠠᠢᠵᠠᠢ ᠴᠢ!》ᠭᠡᠮᠡᠨ ᠵᠠᠩᠳᠤᠷᠴᠠᠢ᠃ᠨᠠᠰᠤᠨ ᠳ᠋ᠠᠭᠠᠨ ᠡᠢᠮᠦ ᠳᠣᠷᠣᠮᠵᠢ ᠦᠭᠡ ᠰᠣᠨᠣᠰᠴᠤ ᠦᠵᠡᠭᠡ ᠦᠭᠡᠢ ᠨᠣᠶᠠᠨ ᠤ᠋ ᠠᠭᠤᠷ ᠭᠣᠮᠣᠳᠠᠯ ᠭᠱᠠᠨ ᠵᠠᠭᠤᠷ᠎ᠠ ᠣᠪᠣᠯᠵᠠᠵᠤ᠂ᠨᠢᠭᠤᠷ ᠨᠢ ᠮᠢᠨᠴᠢᠢᠵᠦ᠂ᠭᠦᠷᠡᠭᠡ ᠨᠢ ᠭᠦᠷᠪᠡᠢᠵᠦ᠂ᠠᠮᠢᠰᠬᠤᠯ ᠨᠢ ᠪᠥᠭᠯᠡᠷᠡᠭᠡᠳ ᠢᠷᠡᠪᠡ ᠭᠡᠨ᠎ᠡ᠃ᠡᠨᠡ ᠦᠶ᠎ᠡ ᠳ᠋ᠦ᠍ ᠪᠠᠭᠰᠢ ᠨᠢ ᠡᠩᠬᠡ ᠲᠦᠪᠰᠢᠨ ᠳᠦᠷᠢ ᠳ᠋ᠡᠭᠡᠨ ᠡᠷᠭᠢᠨ ᠣᠷᠣᠭᠠᠳ ᠨᠠᠮᠤᠭᠤᠬᠠᠨ ᠳᠠᠭᠤ ᠪᠠᠷ:《ᠵᠠ᠂ᠡᠭᠦᠨ ᠢ᠋ ᠴᠢᠨᠢ ᠯᠡ ᠪᠢ ᠶ᠋ᠢ ᠪᠠᠷᠢᠮᠲᠠᠯᠠᠬᠤ ᠭᠡᠳᠡᠭ ᠶᠦ᠍ᠮ ᠳ᠋ᠠ》ᠭᠡᠮᠡᠨ ᠬᠠᠷᠢᠭᠤᠯᠵᠠᠢ᠃ᠦᠵᠡᠭᠳᠡᠯ ᠳ᠋ᠦ᠍ ᠦᠨᠡᠮᠰᠢᠭᠴᠢ ᠮᠤᠩᠬᠠᠭ ᠤ᠋ᠨ ᠬᠠᠮᠤᠭ
ᠤ᠋ᠨ ᠭᠣᠣᠯ ᠢᠯᠡᠷᠡᠯ ᠨᠢ ᠪᠢ ᠶ᠋ᠢᠨ ᠦᠵᠡᠯ ᠶᠦ᠍ᠮ᠃ᠴᠢᠰᠤᠨ ᠳ᠋ᠤ᠌ ᠨᠡᠪᠴᠢᠭᠰᠡᠨ ᠬᠣᠣᠷ᠎ᠠ ᠮᠡᠲᠦ ᠪᠢᠳᠡᠨ ᠦ᠌ ᠰᠠᠷᠠᠯ ᠮᠡᠳᠡᠷᠡᠮᠵᠢ᠂ᠪᠣᠳᠣᠯ ᠲᠥᠰᠦᠭᠡᠯᠡᠯ ᠪᠦᠬᠦᠨ ᠳ᠋ᠦ᠍ ᠰᠢᠩᠭᠡᠭᠰᠡᠨ ᠡᠨᠡ ᠡᠪᠡᠳᠴᠢᠨ ᠦ᠌ ᠨᠢᠶᠠᠨ ᠢ᠋ ᠬᠣᠭᠣᠰᠣᠨ ᠴᠢᠨᠠᠷ ᠤ᠋ᠨ ᠪᠢᠰᠢᠯᠭᠠᠯ ᠠ᠋ᠴᠠ ᠥᠭᠡᠷ᠎ᠡ ᠶᠠᠭᠤ ᠴᠤ᠌ ᠤᠰᠠᠳᠬᠠᠵᠤ ᠴᠢᠳᠠᠬᠤ ᠦᠭᠡᠢ᠃ᠪᠢ ᠶ᠋ᠢᠨ ᠦᠵᠡᠯ ᠦᠷᠭᠦᠯᠵᠢ ᠥᠩᠭᠡᠷᠡᠭᠰᠡᠨ ᠪᠣᠯᠤᠨ ᠢᠷᠡᠭᠡᠳᠦᠢ ᠪᠡᠷ ᠲᠡᠵᠢᠭᠡᠭᠳᠡᠵᠦ ᠪᠠᠢᠳᠠᠭ᠂ᠡᠨᠡ ᠭᠱᠠᠨ ᠳ᠋ᠤ᠌ ᠪᠦᠷᠢᠨ ᠠᠭᠤᠰᠬᠤ ᠳ᠋ᠤ᠌ ᠪᠢ ᠠᠯᠠᠭ᠎ᠠ ᠪᠣᠯᠳᠠᠭ᠃
ᠶᠠᠭᠠᠬᠢᠭᠠᠳ ᠭᠡᠪᠡᠯ ᠡᠨᠡ ᠭᠱᠠᠨ ᠳ᠋ᠤ᠌ ᠥᠪᠡᠷ ᠢ᠋ᠶ᠋ᠡᠨ ᠬᠣᠭᠣᠰᠣᠨ ᠴᠢᠨᠠᠷ᠂ᠬᠣᠭᠣᠰᠣᠨ ᠴᠢᠨᠠᠷ ᠲᠤ᠌ ᠠᠯᠳᠠᠬᠤ ᠶ᠋ᠢᠨ ᠠᠢᠳᠠᠰ᠂ᠣᠯᠳᠠᠬᠤ ᠶ᠋ᠢᠨ ᠭᠣᠷᠢᠳᠠᠯᠭ᠎ᠠ ᠶᠠᠭᠤ ᠴᠤ᠌ ᠪᠠᠢᠬᠤ ᠦᠭᠡᠢ᠃ᠲᠡᠢᠮᠦ ᠤᠴᠢᠷ ᠠ᠋ᠴᠠ ᠲᠡᠭᠦᠨ ᠢ᠋ ᠵᠢᠩᠬᠢᠨᠢ ᠡᠷᠬᠡ ᠴᠢᠯᠥᠭᠡ᠂ᠵᠢᠩᠬᠢᠨᠢ ᠠᠮᠢᠳᠤᠷᠠᠯ ᠭᠡᠳᠡᠭ᠃ᠠᠮᠢᠳᠤᠷᠠᠯ ᠢ᠋ ᠲᠠᠨᠢᠵᠤ ᠣᠢᠯᠠᠭᠠᠭᠰᠠᠨ ᠬᠥᠮᠦᠨ ᠦ᠌ ᠬᠤᠪᠢ ᠳ᠋ᠤ᠌ ᠦᠬᠦᠯ ᠭᠡᠵᠦ ᠶᠡᠷᠦ ᠡᠴᠡ ᠪᠡᠨ ᠪᠠᠢᠳᠠᠭ ᠦᠭᠡᠢ᠃
ᠴᠣᠭᠴᠠ ᠶ᠋ᠢᠨ ᠬᠣᠭᠣᠰᠣᠨ ᠴᠢᠨᠠᠷ
ᠪᠢ ᠪᠠᠢᠬᠤ ᠦᠭᠡᠢ ᠴᠦ᠍ ᠴᠣᠭᠴᠠ ᠶᠠᠭᠤᠮᠠᠰ ᠪᠣᠳᠠᠲᠠᠢ ᠪᠠᠷ ᠣᠷᠣᠰᠢᠨ᠎ᠠ ᠭᠡᠵᠦ ᠦᠵᠡᠪᠡᠯ ᠲᠡᠰᠢᠶ᠎ᠡ ᠬᠡᠷᠡᠭ ᠪᠣᠯᠤᠨ᠎ᠠ ᠃ᠪᠡᠶ᠎ᠡ ᠮᠠᠬᠠᠪᠣᠳ᠂ᠰᠠᠷᠠᠯ ᠮᠡᠳᠡᠷᠡᠮᠵᠢ᠂ᠰᠡᠳᠬᠢᠯ ᠦ᠋ᠨ ᠤᠷᠤᠰᠬᠠᠯ ᠳ᠋ᠤ᠌ ᠪᠡᠶ᠎ᠡ ᠳᠠᠭᠠᠭᠠᠭᠰᠠᠨ ᠪᠣᠳᠠᠲᠤ ᠴᠢᠨᠠᠷ ᠪᠠᠢᠬᠤ ᠤᠤ? ᠡᠬᠢᠯᠡᠭᠡᠳ ᠪᠡᠶ᠎ᠡ ᠪᠡᠨ ᠰᠢᠨᠵᠢᠯᠡᠶᠡ᠂ᠪᠡᠶ᠎ᠡ ᠪᠣᠯ ᠳᠦᠷᠰᠦᠲᠦ ᠴᠣᠭᠴᠠ᠂ᠪᠡᠶ᠎ᠡ ᠪᠡᠷ ᠵᠢᠱ᠌ᠢᠶᠡᠯᠡᠨ ᠪᠦᠬᠦ ᠠᠬᠤᠢ ᠶ᠋ᠢ ᠤᠬᠠᠭᠠᠷᠠᠵᠤ ᠪᠣᠯᠤᠨ᠎ᠠ᠃ᠬᠡᠰᠡᠭ ᠬᠡᠰᠡᠭ ᠢ᠋ᠶ᠋ᠡᠷ ᠨᠢ ᠰᠠᠯᠭᠠᠭᠠᠳ ᠦᠵᠡᠪᠡᠯ᠂ᠬᠡᠯᠲᠡᠰ ᠬᠡᠯᠲᠡᠰ ᠢ᠋ᠶ᠋ᠡᠷ ᠨᠢ ᠢᠯᠭᠠᠭᠠᠳ ᠬᠠᠷᠠᠪᠠᠯ᠂ᠠᠯᠢ ᠨᠢ ᠴᠣᠬᠣᠮ ᠪᠢ ᠶᠦ᠍ᠮ ᠪᠣᠢ?ᠠᠯᠢ ᠨᠢ ᠲᠡᠭᠦᠨ ᠦ᠌ ᠭᠡᠰᠢᠭᠦᠨ ᠶᠦ᠍ᠮ ᠪᠣᠢ? ᠭᠠᠳᠠᠷ ᠳᠣᠲᠣᠷ᠎ᠠ ᠡᠷᠬᠡᠲᠡᠨ ᠨᠥᠬᠥᠳ ᠮᠢᠨᠢ ᠪᠢ ᠮᠥᠨ ᠤᠤ?ᠭᠠᠷ ᠴᠤ᠌ ᠭᠡᠰᠡᠨ ᠬᠤᠷᠤᠭᠤ ᠨᠤᠭᠤᠳ ᠤ᠋ᠨ ᠨᠡᠢᠯᠡᠪᠦᠷᠢ᠂ᠬᠤᠷᠤᠭᠤ ᠴᠤ᠌ ᠭᠡᠰᠡᠨ ᠦᠶ᠎ᠡ ᠨᠥᠬᠥᠳ ᠦ᠋ᠨ ᠴᠤᠭᠯᠠᠪᠤᠷᠢ᠂ᠦᠶ᠎ᠡ ᠨᠤᠭᠦᠳ ᠴᠦ᠍ ᠭᠡᠰᠡᠨ ᠴᠠᠭᠠᠰᠢᠳᠠ ᠵᠠᠳᠠᠷᠠᠪᠠᠯ ᠦᠯᠡᠳᠡᠬᠦ ᠶᠠᠭᠤᠮ᠎ᠠ ᠶᠠᠭᠤ ᠪᠠᠢᠨ᠎ᠠ᠃ᠬᠤᠮᠠᠬᠢ ᠶ᠋ᠢᠨ ᠲᠣᠭᠣᠰᠣᠨ ᠳ᠋ᠤ᠌ ᠲᠤᠯᠵᠤ ᠣᠴᠢᠪᠠᠰᠤ ᠬᠤᠪᠢ ᠬᠡᠰᠡᠭ ᠢ᠋ᠶ᠋ᠡᠷ ᠨᠢ ᠲᠡᠭᠦᠨ ᠢ᠋ ᠬᠤᠪᠢᠶᠠᠪᠠᠯ᠂ᠲᠥᠷᠥᠬᠦ ᠬᠦᠷᠬᠦ ᠶᠠᠭᠤᠮ᠎ᠠ ᠦᠭᠡᠢ ᠪᠣᠯᠤᠭᠠᠳ᠂ᠲᠣᠭᠣᠰᠣ ᠴᠤ᠌ ᠦᠭᠡᠢ ᠬᠣᠭᠣᠰᠣᠨ ᠣᠭᠲᠠᠷᠭᠤᠢ ᠦᠯᠡᠳᠡᠨ᠎ᠡ᠃ᠡᠨᠡ ᠪᠣᠯ ᠪᠡᠶ᠎ᠡ ᠶ᠋ᠢᠨ ᠢ᠋ᠶ᠋ᠡᠨ ᠭᠦᠨ ᠤᠷᠤᠭᠤ ᠣᠷᠣᠬᠤ ᠪᠢᠰᠢᠯᠭᠠᠯ ᠶᠤᠮ᠃ᠭᠦᠨ ᠤᠷᠤᠭᠤ ᠣᠷᠣᠬᠤ ᠲᠣᠰᠤᠮ ᠲᠠᠨ ᠤ᠋ ᠳᠣᠲᠣᠭᠠᠳᠤ ᠪᠢᠯᠢᠭ ᠦ᠋ᠨ ᠬᠣᠭᠣᠷᠣᠨᠳᠣ ᠦᠵᠡᠭᠳᠡᠯ ᠦ᠋ᠨ ᠲᠣᠣᠷ ᠢᠷᠠᠭᠳᠠᠵᠤ᠂ᠬᠣᠭᠣᠰᠣᠨ ᠴᠢᠨᠠᠷ ᠤ᠋ᠨ ᠣᠭᠲᠠᠷᠭᠤᠢ ᠨᠡᠭᠡᠭᠡᠭᠳᠡᠬᠦ ᠪᠣᠯᠤᠨ᠎ᠠ᠃ᠪᠡᠶ᠎ᠡ ᠪᠣᠳᠠᠲᠤ ᠪᠢᠰᠢ ᠤᠴᠢᠷ ᠠ᠋ᠴᠠ ᠲᠡᠭᠦᠨ ᠦ᠌ ᠲᠣᠳᠣᠳᠬᠠᠯ ᠡᠷ᠎ᠡ ᠡᠮ᠎ᠡ᠂ᠬᠥᠭᠰᠢᠨ ᠵᠠᠯᠠᠭᠤ᠂ᠰᠠᠢᠬᠠᠨ ᠮᠠᠭᠤᠬᠠᠢ᠂ᠡᠢᠮᠦ ᠶᠠᠰᠤᠲᠠᠨ ᠲᠡᠢᠮᠦ ᠴᠢᠰᠤᠲᠠᠨ ᠭᠡᠬᠦ ᠮᠡᠲᠦ ᠨᠢ ᠴᠦ᠍ ᠠᠬᠤᠢ ᠳ᠋ᠤ᠌ ᠪᠣᠢ ᠪᠣᠳᠠᠲᠤ ᠴᠢᠨᠠᠷ ᠪᠢᠰᠢ ᠶᠦ᠍ᠮ᠃ᠪᠠᠢᠭᠠᠯᠢ ᠣᠷᠣᠰᠢᠬᠤᠢ ᠶ᠋ᠢ ᠪᠠᠢᠭᠠᠯᠢ ᠪᠠᠷ ᠨᠢ ᠠᠵᠢᠭᠯᠠᠬᠤ ᠨᠢ ᠬᠣᠭᠣᠰᠣᠨ ᠴᠢᠨᠠᠷ ᠤ᠋ᠨ ᠪᠢᠰᠢᠯᠭᠠᠯ ᠪᠢᠯᠡ ᠃
ᠮᠡᠳᠡᠷᠡᠮᠵᠢ ᠶ᠋ᠢ ᠰᠢᠨᠵᠢᠬᠦᠢ
ᠵᠣᠪᠠᠯᠠᠩ ᠬᠡᠷᠪᠡ ᠪᠣᠳᠠᠲᠠᠢ ᠶᠤᠮ ᠪᠣᠯ ᠵᠣᠯ ᠲᠠᠢ ᠦᠶ᠎ᠡ ᠳ᠋ᠡᠭᠡᠨ ᠴᠦ᠍ ᠤᠨᠠᠬᠤ ᠨᠢ ᠶᠠᠭᠠᠬᠢᠭ᠎ᠠ ᠪᠣᠢ?ᠵᠢᠷᠭᠠᠯ ᠬᠡᠷᠪᠡ ᠦᠨᠡᠨ ᠶᠦ᠍ᠮ ᠪᠣᠯ ᠵᠠᠮ ᠲᠠᠢ ᠶᠤᠮ ᠰᠢᠭ᠋ ᠴᠡᠩᠭᠡᠬᠦ ᠨᠢ ᠶᠠᠭᠠᠬᠢᠭ᠎ᠠ ᠪᠣᠢ?ᠲᠠᠭᠠᠲᠠᠢ ᠮᠡᠳᠡᠷᠡᠮᠵᠢ ᠪᠡᠨ ᠵᠢᠷᠭᠠᠯ᠂ ᠳᠠᠭ᠎ᠠ ᠦᠭᠡᠢ ᠮᠡᠳᠡᠷᠡᠮᠵᠢ ᠪᠡᠨ ᠵᠣᠪᠠᠯᠠᠩ ᠭᠡᠵᠦ ᠪᠢᠳᠡ ᠣᠢᠯᠠᠭᠠᠳᠠᠭ᠂ᠡᠨᠡ ᠮᠡᠳᠡᠷᠡᠮᠵᠢ ᠬᠠᠮᠢᠭ᠎ᠠ ᠠ᠋ᠴᠠ ᠤᠷᠭᠤᠨ᠎ᠠ ᠪᠣᠢ?ᠬᠡᠷᠪᠡ ᠵᠣᠪᠠᠯᠠᠩ ᠵᠢᠷᠭᠠᠯ ᠪᠢᠳᠡᠨ ᠦ᠌ ᠰᠡᠳᠬᠢᠯ ᠦ᠋ᠨ ᠮᠥᠨ ᠴᠢᠨᠠᠷ ᠶᠤᠮ ᠪᠣᠯ ᠴᠠᠭ ᠦᠷᠭᠦᠯᠵᠢ ᠵᠣᠪᠠᠯᠠᠩ ᠡᠰᠡᠬᠦᠯ᠎ᠡ ᠵᠢᠷᠭᠠᠯ ᠢ᠋ ᠮᠡᠳᠡᠷᠡᠬᠦ ᠪᠠᠢᠭᠰᠠᠨ᠃ᠲᠡᠭᠡᠪᠡᠯ ᠵᠣᠪᠠᠯᠠᠩ ᠵᠢᠷᠭᠠᠯ ᠨᠢ ᠰᠡᠳᠬᠢᠯ ᠦ᠋ᠨ ᠮᠥᠨ ᠴᠢᠨᠠᠷ ᠪᠢᠰᠢ ᠪᠣᠯ ᠠᠬᠤᠢ ᠶ᠋ᠢᠨ ᠮᠥᠨ ᠴᠢᠨᠠᠷ ᠤᠤ?ᠠᠯᠢ ᠡᠰᠡᠪᠡᠯ ᠠᠮᠲᠠᠭᠳᠠᠭᠠᠳ ᠪᠠᠢᠭ᠎ᠠ ᠲᠡᠷᠡ ᠵᠦᠢᠯ ᠴᠢᠨᠢ ᠠᠳᠬᠠᠭ ᠰᠢᠨᠤᠯ ᠤ᠋ᠨ ᠪᠡᠯᠡᠭ ᠶᠠᠭᠤᠮ᠎ᠠ ᠰᠠᠨᠵᠢ᠂ᠠᠳᠬᠠᠭ ᠰᠢᠨᠤᠯ ᠠ᠋ᠴᠠ ᠨᠢ ᠰᠠᠯᠭᠠᠬᠤ ᠶ᠋ᠢᠨ ᠲᠤᠯᠠᠳᠠ ᠠᠵᠢᠭᠯᠠᠨ ᠰᠢᠨᠵᠢᠬᠦ ᠪᠢᠰᠢᠯᠭᠠᠯ ᠬᠡᠷᠡᠭ ᠲᠡᠢ᠃ᠤᠷᠭᠤᠨ ᠵᠠᠮᠬᠠᠷᠠᠬᠤ ᠰᠠᠷᠠᠯ ᠤ᠋ᠨ ᠳᠣᠯᠭᠢᠶᠠᠨ ᠢ᠋ ᠲᠠᠭᠠᠲᠠᠢ ᠳ᠋ᠤᠨᠢ ᠰᠢᠨᠤᠵᠤ᠂ᠳᠠᠭ᠎ᠠ ᠦᠭᠡᠢ ᠳ᠋ᠦ᠍ᠨᠢ ᠤᠨᠲᠤᠭᠤᠴᠠᠯ ᠦᠭᠡᠢ ᠲᠡᠭᠰᠢ ᠠᠮᠤᠭᠤᠯᠠᠩ ᠰᠡᠳᠬᠢᠯ ᠢ᠋ᠶ᠋ᠡᠷ ᠠᠵᠢᠭᠯᠠᠬᠤ ᠲᠣᠰᠤᠮ ᠬᠣᠭᠣᠰᠣᠨ ᠴᠢᠨᠠᠷ ᠢ᠋ ᠨᠡᠭᠡᠭᠡᠬᠦ ᠪᠣᠯᠤᠨ᠎ᠠ᠃ᠮᠡᠳᠡᠷᠡᠬᠦᠢ ᠶ᠋ᠢᠨ ᠡᠷᠬᠡᠲᠡᠨ ᠪᠠ ᠬᠦᠷᠲᠡᠭᠳᠡᠬᠦᠢ ᠬᠣᠶᠠᠷ ᠤ᠋ᠨ ᠤᠴᠠᠷᠠᠯ ᠠ᠋ᠴᠠ ᠮᠡᠳᠡᠷᠡᠮᠵᠢ ᠲᠥᠷᠥᠳᠡᠭ ᠢ᠋ ᠪᠢᠳᠡᠨ
ᠦ᠌ ᠶᠡᠷᠦᠳᠡ ᠶ᠋ᠢᠨ ᠲᠤᠷᠰᠢᠯᠭ᠎ᠠ ᠬᠠᠷᠠᠭᠤᠯᠳᠠᠭ᠃ᠠᠮᠰᠠᠭᠴᠢ ᠡᠵᠡᠨ ᠨᠢ ᠬᠣᠭᠣᠰᠣᠨ ᠪᠠᠢᠭᠠᠳ ᠠᠮᠰᠠᠭᠳᠠᠬᠤ ᠮᠡᠳᠡᠷᠡᠮᠵᠢ ᠨᠢ ᠴᠦ᠍ ᠬᠣᠭᠣᠰᠣᠨ ᠪᠠᠢᠨ᠎ᠠ᠃ᠤᠭ ᠤᠴᠢᠷ ᠢ᠋ ᠲᠠᠨᠢᠭᠰᠠᠨ ᠴᠠᠭ ᠲᠤ᠌ ᠤᠵᠢᠳ ᠰᠢᠨᠤᠯ ᠠᠯᠳᠠᠷᠠᠬᠤ ᠨᠢ ᠯᠠᠪᠲᠠᠢ᠃
ᠴᠡᠯᠮᠡᠭ ᠣᠭᠲᠠᠷᠭᠤᠢ ᠶ᠋ᠢᠨ ᠰᠠᠷᠠᠨ
ᠴᠡᠭᠡᠯ ᠦ᠋ᠨ ᠤᠰᠤᠨ ᠳ᠋ᠤ᠌ ᠲᠣᠳᠣᠷᠠᠪᠠᠴᠤ
ᠤᠰᠤᠨ ᠠ᠋ᠴᠠ ᠲᠡᠭᠦᠨ ᠢ᠋ ᠪᠠᠷᠢᠬᠤ ᠦᠭᠡᠢ
ᠤᠴᠢᠷ ᠪᠦᠬᠦᠨ ᠢ᠋ ᠲᠡᠭᠡᠵᠦ ᠯᠡ ᠣᠢᠯᠠᠭ᠎ᠠ!
ᠬᠥᠪᠴᠢ ᠶ᠋ᠢᠨ ᠠᠭᠤᠯᠠᠨ ᠳ᠋ᠤ᠌ ᠬᠥᠮᠦᠰ
ᠬᠥᠭ ᠳᠠᠭᠤᠨ ᠡᠭᠦᠰᠬᠡᠬᠦ ᠳ᠋ᠦ᠍
ᠴᠤᠤᠷᠢᠶ᠎ᠠ ᠬᠠᠳᠠᠪᠠᠴᠤ ᠪᠠᠷᠢᠭᠳᠠᠰᠢ ᠦᠭᠡᠢ
ᠴᠤᠭᠭᠠᠷ ᠶᠤᠮ ᠰᠢᠭ᠋ ᠲᠡᠭᠡᠵᠦ ᠯᠡ ᠤᠢᠯᠠᠭᠠ!
ᠲᠠᠩᠬᠢᠯ ᠥᠬᠢᠨ ᠵᠡᠭᠦᠳᠦᠨ ᠳ᠋ᠡᠭᠡᠨ
ᠠᠮᠠᠷᠠᠭ ᠢ᠋ᠶ᠋ᠠᠨ ᠲᠡᠪᠡᠷᠢᠵᠦ ᠪᠠᠶᠠᠰᠤᠭᠠᠳ
ᠠᠯᠳᠠᠵᠤ ᠪᠠᠰᠠ ᠰᠢᠨᠠᠯᠠᠬᠤ ᠰᠢᠭ᠋
ᠠᠮᠢᠳᠤᠷᠠᠯ ᠠᠬᠤᠢ ᠶ᠋ᠢ ᠪᠠᠰᠠ ᠯᠠ ᠲᠡᠭᠡᠵᠦ ᠤᠢᠯᠠᠭᠠ!
ᠬᠠᠯᠠᠭᠤᠨ ᠵᠤᠨ ᠤ᠋ ᠨᠠᠷᠠᠨ ᠳ᠋ᠤ᠌
ᠬᠠᠲᠠᠵᠤ ᠴᠠᠩᠭᠠᠭᠰᠠᠨ ᠬᠥᠮᠦᠨ ᠳ᠋ᠦ᠍
ᠵᠡᠷᠭᠡᠯᠭᠡ ᠤᠰᠤ ᠰᠢᠭ᠋ ᠬᠠᠷᠠᠭᠳᠠᠳᠠᠭ
ᠵᠢᠷ ᠦ᠋ᠨ ᠶᠠᠭᠤᠮᠠᠰ ᠢ᠋ ᠲᠡᠭᠡᠵᠦ ᠯᠡ ᠣᠢᠯᠠᠭ᠎ᠠ!
ᠤᠰᠤ ᠵᠡᠷᠭᠡᠯᠭᠡ ᠳ᠋ᠤ᠌ ᠪᠠᠢᠬᠤ ᠦᠭᠡᠢ ᠴᠦ᠍
ᠤᠤᠭᠤᠬᠤ ᠶ᠋ᠢ ᠬᠦᠰᠡᠭᠰᠡᠨ ᠮᠤᠩᠬᠠᠭ ᠦᠳ
ᠤᠤᠭᠤᠶ᠎ᠠ ᠭᠡᠬᠦ ᠳ᠋ᠡᠭᠡᠨ ᠶᠠᠳᠠᠬᠤ ᠦᠭᠡᠢ
ᠣᠯᠢᠭᠲᠤ ᠣᠷᠴᠢᠯᠠᠩ ᠢ᠋ ᠲᠡᠭᠡᠵᠦ ᠯᠡ ᠤᠢᠯᠠᠭᠠ!
ᠰᠡᠳᠬᠢᠯ ᠢ᠋ ᠰᠢᠨᠵᠢᠬᠦᠢ
ᠰᠡᠳᠬᠢᠯ ᠭᠡᠭᠴᠢ ᠶ᠋ᠢ ᠡᠷᠢᠵᠦ ᠬᠠᠢᠪᠠᠯ᠂ᠰᠡᠷᠡᠬᠦᠢ ᠶ᠋ᠢᠨ ᠡᠷᠬᠡᠲᠡᠨ ᠳ᠋ᠦ᠍ ᠦᠯᠦ ᠣᠷᠣᠰᠢᠬᠤ᠂ᠬᠦᠷᠲᠡᠬᠦᠢ ᠶ᠋ᠢᠨ ᠶᠠᠭᠤᠮᠠᠰ ᠲᠤ᠌ ᠴᠤ᠌ ᠦᠯᠦ ᠣᠷᠣᠰᠢᠬᠤ᠂ᠬᠥᠨᠳᠡᠢ ᠵᠠᠪᠰᠠᠷ ᠲᠤ᠌ ᠴᠤ᠌ ᠦᠯᠦ ᠣᠷᠣᠰᠢᠬᠤ᠂ᠵᠢᠷᠭᠠᠯ ᠵᠣᠪᠠᠯᠠᠩ ᠢ᠋ ᠠᠮᠲᠠᠯᠠᠭᠠᠳ ᠪᠠᠢᠳᠠᠭ ᠰᠡᠳᠬᠢᠯ ᠮᠢᠨᠢ ᠬᠠᠮᠢᠭ᠎ᠠ ᠨᠢ ᠪᠠᠢᠨ᠎ᠠ ᠪᠣᠢ?ᠰᠡᠳᠬᠢᠯ ᠢ᠋ᠶ᠋ᠡᠷ ᠤᠨᠠᠯ᠎ᠠ᠂ᠰᠡᠳᠬᠢᠯ ᠡᠪᠡᠳᠴᠦ ᠪᠠᠢᠨ᠎ᠠ᠂ᠰᠡᠳᠬᠢᠯ ᠬᠥᠭᠡᠷᠦᠯᠡ᠂
ᠰᠡᠳᠬᠢᠯ ᠬᠥᠳᠡᠯᠵᠦ ᠪᠠᠢᠨ᠎ᠠ ᠭᠡᠳ ᠤᠨᠠᠵᠤ ᠲᠣᠰᠴᠤ᠂ᠡᠪᠡᠳᠴᠦ ᠬᠠᠪᠤᠳᠴᠤ᠂ᠬᠥᠳᠡᠯᠵᠦ ᠬᠥᠭᠡᠷᠴᠡᠭᠯᠡᠳ ᠪᠠᠢᠬᠤ ᠶ᠋ᠢ ᠪᠣᠳᠣᠬᠤ
ᠳ᠋ᠤ᠌ ᠪᠡᠶ᠎ᠡ ᠲᠡᠢ᠂ᠪᠣᠳᠠᠲᠠᠢ ᠵᠦᠢᠯ ᠴᠦ᠍ ᠶᠦ᠍ᠮ ᠰᠢᠭ᠃ᠭᠡᠪᠡᠴᠦ ᠡᠷᠢᠵᠦ ᠬᠠᠢᠬᠤ ᠳ᠋ᠤ᠌ ᠡᠨᠡ ᠭᠡᠳ ᠵᠢᠭᠠᠴᠢᠬᠠᠬᠤ ᠪᠢ᠂ᠲᠡᠷᠡ ᠭᠡᠳ ᠲᠡᠮᠳᠡᠭᠯᠡᠴᠢᠬᠡᠬᠦ ᠭᠠᠵᠠᠷ ᠠᠯᠠᠭ᠎ᠠ᠃ᠤᠭ ᠲᠠᠭᠠᠨ ᠲᠡᠷᠡ ᠬᠣᠭᠣᠰᠣᠨ ᠪᠣᠯᠬᠤ ᠪᠠᠷ᠂ᠤᠶᠠᠭᠳᠠᠵᠤ ᠬᠦᠯᠢᠭᠳᠡᠬᠦ ᠪᠢ ᠦᠭᠡᠢ ᠪᠣᠯᠬᠣᠷ ᠠᠮᠢᠲᠠᠨ ᠪᠦᠬᠦᠨ ᠦ᠌ ᠴᠠᠭᠠᠳᠤ ᠴᠢᠨᠠᠷ ᠠᠷᠢᠯᠤᠭᠰᠠᠨ ᠨᠢᠷᠸᠠᠨ ᠭᠡᠳᠡᠭ ᠪᠢᠯᠡ᠃ᠨᠢᠭᠡ ᠱᠠᠪᠢ ᠪᠠᠭᠰᠢ ᠠ᠋ᠴᠠ ᠪᠠᠨ ᠪᠠᠭᠰᠢ ᠠ᠋ ᠄《ᠨᠣᠬᠠᠢ ᠳ᠋ᠤ᠌ ᠪᠣᠳ᠋ᠳ᠋ᡁᠨ ᠴᠢᠨᠠᠷ ᠪᠣᠢ ᠤᠤ?》ᠭᠡᠵᠦ ᠠᠰᠠᠭᠤᠬᠤ ᠳ᠋ᠤ᠌ ᠪᠠᠭᠰᠢ ᠨᠢ: ᠨᠣᠬᠠᠢ ᠣᠯᠢᠬᠤ ᠠᠶ᠎ᠠ ᠲᠠᠢ ᠄ᠦ᠊ — ᠭᠡᠵᠡᠢ᠃ᠬᠠᠷᠢᠭᠤᠯᠲᠠ ᠦᠭᠡᠢ ᠬᠠᠷᠢᠭᠤᠯᠲᠠ᠂ᠲᠡᠢᠮᠦ ᠴᠦ᠍ ᠭᠡ ᠦᠭᠡᠢ᠂ᠦᠭᠡᠢ ᠴᠦ᠍ ᠭᠡ ᠦᠭᠡᠢ᠃ ᠬᠣᠭᠣᠰᠣᠨ ᠴᠢᠨᠠᠷ ᠢ᠋ ᠪᠠᠭᠰᠢ ᠨᠠᠷ ᠢᠩᠭᠢᠵᠦ ᠢᠳᠡᠭᠡᠭᠦ ᠨᠢ ᠣᠯᠠᠨᠲᠠ᠃
ᠲᠡᠢᠮᠦ ᠠ᠋᠂ᠨᠢᠭᠡ ᠯᠡ ᠦᠨᠡᠨ᠂ᠨᠢᠭᠡ ᠯᠡ ᠣᠷᠣᠰᠢᠬᠤᠢ ᠪᠠᠢᠭ᠎ᠠ᠂ᠲᠡᠷᠡ ᠨᠢ ᠬᠣᠭᠣᠰᠣᠨ ᠴᠢᠨᠠᠷ ᠃
ᠨᠢᠭᠡ ᠯᠡ ᠪᠠᠢᠭᠠᠯᠢ ᠪᠦᠬᠦᠢ ᠶᠠᠭᠤᠮᠠᠰ ᠲᠤ᠌ ᠬᠤᠪᠢᠯᠤᠨ ᠪᠥᠵᠢᠨᠡᠮ
ᠨᠢᠭᠡ ᠯᠡ ᠦᠨᠡᠨ ᠪᠦᠬᠦᠢ ᠣᠷᠴᠢᠯᠠᠩ ᠳ᠋ᠤ᠌ ᠠᠶᠠᠯᠠᠨ ᠵᠤᠭᠠᠴᠠᠨᠠᠮ
ᠨᠢᠭᠡ ᠯᠡ ᠰᠠᠷᠠᠨ ᠴᠥᠭᠥᠷᠥᠮ ᠪᠦᠬᠦᠨ ᠳ᠋ᠦ᠍ ᠳᠠᠭᠤ ᠦᠭᠡᠢᠬᠡᠨ ᠱᠤᠮᠪᠠᠨᠠᠮ
ᠨᠢᠭᠡ ᠯᠡ ᠪᠣᠳ᠋ᠳ᠋ᡁᠨ ᠵᠢᠷᠦᠬᠡ ᠪᠦᠬᠦᠨ ᠳ᠋ᠦ᠍ ᠠᠨᠢᠷ ᠦᠭᠡᠢᠬᠡᠨ ᠵᠠᠯᠠᠷᠠᠨᠠᠮ
ᠠᠪᠤᠷᠠᠯ ᠪᠦᠭᠦᠳᠡ ᠶ᠋ᠢ ᠬᠤᠷᠢᠶᠠᠭᠰᠠᠨ ᠯᠠᠮᠠ ᠶ᠋ᠢᠨ ᠠᠳᠢᠰ ᠲᠡᠳᠦᠢ
ᠠᠬᠤᠢ ᠦᠷᠡᠰ ᠦ᠋ᠨ ᠳᠣᠷᠣᠢᠲᠠᠯ ᠪᠦᠬᠦᠨ ᠠᠮᠤᠷᠯᠢᠨ
ᠬᠣᠷᠸ᠎ᠠ ᠶ᠋ᠢᠨ ᠰᠠᠢᠨ ᠦᠢᠯᠡᠰ ᠰᠦᠨᠳᠡᠷᠯᠡᠨ ᠪᠦᠲᠦᠵᠦ
ᠬᠣᠲᠠᠯᠠ ᠳᠠᠶᠠᠭᠠᠷ ᠵᠢᠷᠭᠠᠯ ᠴᠡᠩᠭᠡᠯ ᠦ᠋ᠨ ᠥᠯᠵᠡᠢ ᠣᠷᠣᠰᠢᠲᠤᠭᠠᠢ!
ᠡᠷᠬᠢᠮ ᠲᠠᠨ ᠤ᠋ ᠮᠡᠯᠮᠡᠢ ᠣᠶᠤᠨ ᠲᠤᠩᠭᠠᠯᠠᠭ᠂ᠰᠡᠳᠬᠢᠯ ᠰᠠᠨᠠᠭ᠎ᠠ ᠠᠮᠤᠷ ᠠᠮᠤᠭᠤᠯᠠᠩ ᠪᠠᠢᠬᠤ ᠶ᠋ᠢᠨ ᠢᠷᠦᠭᠡᠯ ᠢ᠋ ᠳᠡᠪᠰᠢᠭᠦᠯᠦᠶ᠎ᠡ!
ᠣᠮ ᠰᠠᠢᠨ ᠠᠮᠤᠭᠤᠯᠠᠩ ᠪᠣᠯᠲᠤᠭᠠᠢ!
ᠣᠮ ᠰᠠᠢᠨ ᠠᠮᠤᠭᠤᠯᠠᠩ ᠪᠣᠯᠲᠤᠭᠠᠢ!
ᠣᠮ ᠰᠠᠢᠨ ᠠᠮᠤᠭᠤᠯᠠᠩ ᠪᠣᠯᠲᠤᠭᠠᠢ!
ᠽᠠᠨᠳᠠᠷ᠎ᠠ ᠶᠢᠨ ᠰᠡᠢᠷᠡᠭᠦᠯᠦᠯ ᠠᠴᠠ
ᠦᠰᠦᠭ ᠠᠮᠢᠯᠠᠭᠤᠯᠤᠭᠰᠠᠨ ᠨᠢ᠄ᠳᠡᠭᠰᠢᠮᠥ᠋ᠩᠬᠡ
ᠪᠦᠷᠢᠨ᠎ᠠ
ᠬᠢᠨᠠᠭᠰᠠᠨ ᠨᠢ᠄ ᠮᠤᠩᠭᠤᠯᠵᠠᠶᠠᠭ᠎ᠠ
