ᠶᠢᠷᠲᠢᠨᠴᠦ ᠶᠢᠨ ᠬᠡᠯᠡ01Ертөнцийн хэл
《ᠶᠢᠷᠲᠢᠨᠴᠦ ᠶ᠋ᠢᠨ ᠬᠡᠯᠡ 》ᠰᠣᠶᠣᠯ᠂ ᠵᠠᠩ ᠦᠢᠯᠡ ᠶ᠋ᠢᠨ ᠢᠯᠭᠠᠮᠵᠢᠯᠠᠯ
ᠬᠥᠮᠦᠨ ᠲᠥᠷᠥᠯᠬᠢᠲᠡᠨ ᠦ᠌ ᠲᠥᠷᠥᠯᠬᠢ ᠨᠥᠬᠥᠴᠡᠯ ᠦ᠋ᠨ ᠤᠶᠠᠯᠳᠤᠬᠤᠨ ᠪᠦᠷᠢᠯᠳᠦᠬᠦᠨ ᠪᠣᠯᠤᠭᠴᠢ ᠠᠮᠢ᠂ ᠪᠡᠶ᠎ᠡ᠂ ᠰᠡᠳᠬᠢᠯ᠂ ᠪᠢᠯᠢᠭ ᠳᠥᠷᠪᠡ ᠬᠢᠭᠡᠳ ᠠᠮᠢ ᠨᠠᠰᠤᠨ ᠤ᠋ ᠣᠷᠣᠰᠢᠨ ᠲᠣᠭᠲᠠᠨᠢᠯ ᠤ᠋ᠨ ᠰᠠᠭᠤᠷᠢ ᠨᠥᠬᠥᠴᠡᠯ ᠪᠣᠯᠬᠤ ᠠᠭᠠᠷ᠂ ᠢᠯᠴᠢ᠂ ᠤᠰᠤ᠂ᠬᠥᠷᠥᠰᠥ᠂ᠣᠷᠣᠨ ᠵᠠᠢ ᠨᠢ ᠬᠠᠮᠲᠤ ᠳ᠋ᠤ᠌ ᠪᠠᠨ ᠠᠬᠤᠢ ᠶᠢᠷᠲᠢᠨᠴᠦ ᠬᠢᠭᠡᠳ ᠠᠮᠢ ᠨᠠᠰᠤᠨ ᠤ᠋ ᠣᠷᠣᠰᠢᠨ ᠲᠣᠭᠲᠠᠨᠢᠯ ᠤ᠋ᠨ ᠦᠨᠳᠦᠰᠦᠨ ᠨᠥᠬᠥᠴᠡᠯ ᠢ᠋ ᠪᠦᠷᠢᠨᠰᠢᠭᠦᠯᠵᠦ ᠪᠠᠢᠳᠠᠭ᠃
ᠠᠵᠤ ᠲᠥᠷᠥᠵᠦ᠂ ᠣᠷᠣᠰᠢᠨ ᠲᠣᠭᠲᠠᠨᠢᠬᠤᠢ ᠶ᠋ᠢᠨ ᠤᠤᠯ ᠶᠢᠰᠦᠨ ᠰᠠᠭᠤᠷᠢ ᠨᠥᠬᠥᠴᠡᠯ ᠨᠢ ᠮᠣᠩᠭᠣᠯ ᠰᠣᠶᠣᠯ ᠬᠢᠭᠡᠳ ᠲᠡᠭᠦᠨ ᠦ᠌ ᠳᠡᠭᠡᠳᠦᠯᠡᠯᠭᠡ ᠶ᠋ᠢᠨ ᠵᠠᠩ ᠦᠢᠯᠡ ᠶ᠋ᠢᠨ ᠬᠢᠨᠢ ᠰᠢᠭᠤᠳ ᠲᠣᠳᠣᠷᠬᠠᠢ ᠠᠭᠤᠯᠬᠤᠨ ᠤ᠋ ᠬᠤᠪᠢ ᠪᠠᠷ ᠣᠷᠣᠰᠢᠵᠤ ᠪᠠᠢᠳᠠᠭ ᠢ᠋ ᠨᠠᠷᠢᠨ ᠲᠣᠳᠣᠷᠬᠠᠢᠯᠠᠪᠠᠯ ᠄ ᠠᠮᠢ ᠶ᠋ᠢᠨ ᠳᠡᠭᠡᠳᠦᠯᠡᠯ ᠨᠢ ᠲᠡᠭᠦᠨ ᠲᠡᠢ ᠤᠶᠠᠯᠳᠤᠯ ᠨᠢᠭᠡᠲᠡᠢ ᠪᠠᠢᠳᠠᠭ ᠴᠠᠭᠠᠨ ᠢᠳᠡᠭᠡᠨ ᠬᠢᠭᠡᠳ ᠰᠦ ᠰᠠᠴᠤᠯᠢ ᠶ᠋ᠢᠨ ᠰᠣᠶᠣᠯ ᠢ᠋ᠶ᠋ᠠᠷ ᠢᠯᠡᠷᠡᠬᠦ᠃ ᠪᠡᠶ᠎ᠡ ᠶ᠋ᠢᠨ ᠳᠡᠭᠡᠳᠦᠯᠡᠯ ᠨᠢ ᠡᠮᠦᠰᠬᠡᠯ ᠬᠤᠪᠴᠠᠰᠤ᠂ ᠡᠳ᠋ᠯᠡᠭᠡ ᠬᠡᠷᠡᠭᠯᠡᠭᠡ ᠪᠣᠯᠤᠨ ᠭᠡᠷ ᠦᠷᠭᠦᠭᠡᠨ ᠦ᠌ ᠡᠷᠬᠢᠮᠨᠡᠯ ᠬᠢᠮᠠᠭᠠᠳᠠᠯ ᠬᠢᠭᠡᠳ ᠢᠷᠦᠭᠡᠯ ᠮᠢᠯᠢᠶᠠᠯᠭ᠎ᠠ ᠶ᠋ᠢᠨ ᠶᠣᠰᠣᠨ ᠢ᠋ᠶ᠋ᠠᠷ ᠢᠯᠡᠷᠡᠬᠦ᠃ ᠰᠡᠳᠬᠢᠯ ᠳᠡᠭᠡᠳᠦᠯᠡᠯ ᠨᠢ ᠠᠴᠢ ᠲᠤᠰᠠ ᠶ᠋ᠢ ᠨᠢ ᠦᠯᠦ ᠤᠮᠠᠷᠲᠠᠬᠤ ᠶ᠋ᠢᠨ ᠲᠥᠯᠥᠭᠡᠨ ᠦ᠌ 《ᠳᠠᠯᠠᠯᠭ᠎ᠠ ᠶ᠋ᠢᠨ ᠰᠣᠶᠣᠯ 》 ᠬᠢᠭᠡᠳ ᠠᠮᠢ ᠨᠢᠭᠡᠲᠡᠨ ᠦ᠌ ᠠᠮᠢᠳᠤᠷᠠᠯ ᠢ᠋ᠶ᠋ᠠᠨ ᠬᠠᠮᠲᠤᠳᠬᠠᠬᠤ ᠶ᠋ᠢᠨ ᠲᠥᠯᠥᠭᠡᠨ ᠦ᠌ 《ᠬᠡᠰᠢᠭ ᠬᠦᠷᠲᠡᠭᠡᠯ ᠦ᠋ᠨ ᠰᠣᠶᠣᠯ 》 ᠢ᠋ᠶ᠋ᠠᠷ ᠢᠯᠡᠷᠡᠬᠦ᠃ ᠵᠢᠴᠢ ᠪᠢᠯᠢᠭ ᠦ᠋ᠨ ᠳᠡᠭᠡᠳᠦᠯᠡᠯ ᠨᠢ ᠦᠭᠡ ᠬᠡᠯᠡ᠂ ᠦᠰᠦᠭ ᠪᠢᠴᠢᠭ ᠦ᠋ᠨ ᠡᠷᠬᠢᠮᠨᠡᠯ ᠪᠣᠯᠤᠨ ᠣᠷᠣᠰᠢᠨ ᠲᠣᠭᠲᠠᠨᠢᠯ ᠤ᠋ᠨ ᠳᠣᠲᠣᠭᠠᠳᠤ ᠬᠦᠴᠦᠨ ᠦ᠌ ᠤᠬᠠᠭᠠᠨ ᠪᠣᠯᠬᠤ ᠰᠦᠯᠳᠡ ᠶ᠋ᠢᠨ ᠰᠣᠶᠣᠯ ᠤ᠋ᠨ ᠢ᠋ᠶ᠋ᠠᠨ ᠠᠭᠤᠯᠬᠤᠨ ᠳ᠋ᠤ᠌ ᠬᠠᠳᠠᠭᠠᠯᠠᠭᠳᠠᠵᠤ ᠪᠠᠢᠳᠠᠭ ᠵᠡᠷᠭᠡ ᠢᠯᠡᠷᠬᠡᠢ ᠣᠨᠴᠠᠯᠢᠭ ᠲᠠᠢ᠃ ᠡᠭᠦᠨ ᠡᠴᠡ ᠭᠠᠳᠠᠨ᠎ᠠ ᠪᠠᠰᠠ ᠠᠮᠢ ᠨᠠᠰᠤᠨ ᠤ᠋ ᠣᠷᠣᠰᠢᠨ ᠲᠣᠭᠲᠠᠨᠢᠯ ᠤ᠋ᠨ ᠰᠠᠭᠤᠷᠢ ᠨᠥᠬᠥᠴᠡᠯ ᠡᠴᠡ ᠠᠭᠠᠷ ᠠᠮᠢᠰᠬᠤᠯ ᠤ᠋ᠨ ᠠᠭᠤᠯᠬᠤᠨ ᠲᠠᠢ 《ᠬᠡᠢ ᠮᠣᠷᠢ ᠶ᠋ᠢᠨ ᠰᠣᠶᠣᠯ 》᠂ ᠢᠯᠴᠢ ᠭᠡᠷᠡᠯ ᠦ᠋ᠨ ᠠᠭᠤᠯᠬᠤᠨ ᠲᠠᠢ 《ᠭᠠᠯ ᠳᠡᠭᠡᠳᠦᠯᠡᠯᠭᠡ ᠶ᠋ᠢᠨ ᠰᠣᠶᠣᠯ 》᠂ ᠤᠮᠳᠠ ᠲᠡᠵᠢᠭᠡᠯ ᠦ᠋ᠨ ᠠᠭᠤᠯᠬᠤᠨ ᠲᠠᠢ 《ᠤᠰᠤ ᠳᠡᠭᠡᠳᠦᠯᠡᠯᠭᠡ 》 ᠬᠢᠭᠡᠳ 《ᠰᠠᠴᠤᠯᠢ ᠶ᠋ᠢᠨ ᠰᠣᠶᠣᠯ 》᠂ ᠡᠬᠡ ᠳᠡᠯᠡᠬᠡᠢ ᠶ᠋ᠢᠨ ᠠᠭᠤᠯᠬᠤᠨ ᠲᠠᠢ 《ᠭᠠᠵᠠᠷ ᠳᠡᠭᠡᠳᠦᠯᠡᠯᠭᠡ 》 ᠬᠢᠭᠡᠳ 《ᠣᠪᠣᠭᠠᠨ ᠰᠣᠶᠣᠯ 》᠂ ᠵᠢᠴᠢ ᠡᠨᠡ ᠪᠦᠬᠦᠨ ᠢ᠋ᠶ᠋ᠡᠨ ᠬᠠᠮᠤᠷᠤᠨ ᠠᠭᠤᠯᠬᠤ ᠠ᠋ᠴᠠ ᠣᠷᠣᠨ ᠵᠠᠢ ᠶ᠋ᠢᠨ ᠠᠭᠤᠯᠬᠤᠨ ᠲᠠᠢ 《ᠲᠡᠭᠷᠢ ᠳᠡᠭᠡᠳᠦᠯᠡᠯᠭᠡ ᠶ᠋ᠢᠨ ᠰᠣᠶᠣᠯ 》 ᠢ᠋ ᠪᠠᠭᠲᠠᠭᠠᠳᠠᠭ ᠨᠢ ᠶᠠᠭ ᠤᠤᠯ ᠰᠣᠶᠣᠯ ᠤ᠋ᠨ ᠢ᠋ᠶ᠋ᠠᠨ ᠶᠢᠰᠦᠨ ᠶᠡᠬᠡ ᠰᠠᠭᠤᠷᠢ ᠤᠳᠬ᠎ᠠ ᠶ᠋ᠢᠨ ᠬᠠᠷᠢᠶ᠎ᠠ ᠶ᠋ᠢ ᠪᠦᠷᠢᠨᠰᠢᠭᠦᠯᠵᠦ ᠴᠢᠳᠠᠳᠠᠭ᠃
ᠲᠤᠬᠠᠢᠯᠠᠪᠠᠯ ᠄ ᠬᠥᠮᠦᠨ ᠲᠥᠷᠥᠯᠬᠢᠲᠡᠨ ᠦ᠌ ᠣᠷᠣᠰᠢᠨ ᠲᠣᠭᠲᠠᠨᠢᠯ ᠤ᠋ᠨ ᠳᠣᠲᠣᠭᠠᠳᠤ᠂ ᠭᠠᠳᠠᠭᠠᠳᠤ ᠰᠠᠭᠤᠷᠢ ᠶᠢᠰᠦᠨ ᠨᠥᠬᠥᠴᠡᠯ ᠪᠣᠯᠬᠤ ᠠᠮᠢ᠂ ᠪᠡᠶ᠎ᠡ᠂ ᠰᠡᠳᠬᠢᠯ᠂ ᠪᠢᠯᠢᠭ ᠪᠣᠯᠤᠨ ᠠᠭᠠᠷ᠂ ᠢᠯᠴᠢ᠂ ᠤᠰᠤ᠂ ᠬᠥᠷᠥᠰᠥ᠂ ᠣᠷᠣᠨ ᠵᠠᠢ ᠵᠡᠷᠭᠡ ᠶ᠋ᠢᠨ ᠠᠯᠢ ᠨᠢ ᠴᠦ᠍ ᠣᠷᠬᠢᠭᠳᠠᠯ ᠦᠭᠡᠢ ᠪᠦᠬᠦᠨ ᠢ᠋ᠶ᠋ᠡᠷ ᠢ᠋ᠶ᠋ᠡᠨ ᠪᠦᠷ ᠮᠣᠩᠭᠣᠯ ᠰᠣᠶᠣᠯ ᠤ᠋ᠨ ᠳᠡᠭᠡᠳᠦᠯᠡᠯᠭᠡ ᠶ᠋ᠢᠨ ᠶᠢᠰᠦᠨ ᠠᠭᠤᠯᠬᠤᠨ ᠤ᠋ ᠪᠠᠨ ᠭᠣᠣᠯ ᠠᠭᠤᠯᠭ᠎ᠠ ᠪᠣᠯᠵᠤ ᠪᠠᠢᠳᠠᠭ ᠣᠨᠴᠠᠯᠢᠭ ᠲᠠᠢ᠃ ᠡᠭᠦᠪᠡᠷ ᠦᠯᠦ ᠪᠠᠷᠠᠨ ᠲᠡᠳᠡᠭᠡᠷ ᠦ᠋ᠨ ᠳᠣᠲᠣᠷ᠎ᠠ ᠠ᠋ᠴᠠ ᠪᠠᠰᠠ ᠠᠮᠢ᠂ ᠪᠡᠶ᠎ᠡ᠂ ᠰᠡᠳᠬᠢᠯ ᠭᠤᠷᠪᠠ ᠨᠢ ᠮᠣᠩᠭᠣᠯ ᠬᠡᠯᠡᠨ ᠤ ᠪᠣᠰᠤᠭ᠎ᠠ ᠦᠰᠦᠭ ᠦ᠋ᠨ ᠴᠠᠭᠠᠨ ᠲᠣᠯᠣᠭᠠᠢ ᠶ᠋ᠢᠨ ᠳᠣᠲᠣᠭᠠᠳᠤ ᠢᠵᠠᠭᠤᠷ ᠤ᠋ᠨ ᠠᠪᠢᠶ᠎ᠠ ᠪᠣᠯᠬᠤ ᠡᠭᠡᠰᠢᠭ ᠳᠣᠯᠣᠭ᠎ᠠ ᠶ᠋ᠢᠨ ᠡᠬᠢ ᠡᠭᠦᠰᠪᠦᠷᠢ ᠪᠣᠯᠳᠠᠭ ᠪᠥᠭᠡᠳ ᠪᠢᠯᠢᠭ ᠦ᠋ᠨ ᠮᠡᠳᠡᠷᠡᠮᠵᠢ ᠶ᠋ᠢᠨ ᠤᠳᠬ᠎ᠠ ᠶ᠋ᠢᠨ ᠢᠯᠭᠠᠮᠵᠢᠯᠠᠯ ᠨᠢ ᠪᠠᠰᠠ ᠭᠠᠳᠠᠭᠠᠳᠤ ᠶᠢᠷᠲᠢᠨᠴᠦ ᠶ᠋ᠢᠨ ᠰᠠᠭᠤᠷᠢ ᠨᠥᠬᠥᠴᠡᠯ ᠪᠣᠯᠬᠤ ᠠᠭᠠᠷ᠂ ᠢᠯᠴᠢ᠂ ᠤᠰᠤ᠂ ᠬᠥᠷᠥᠰᠥ ᠳᠥᠷᠪᠡ ᠲᠡᠢ ᠤᠶᠠᠯᠳᠤᠭᠠᠳ ᠶᠠᠭ ᠳᠥᠷᠪᠡᠨ ᠳᠥᠷᠪᠡ ᠶ᠋ᠢᠨ ᠠᠷᠪᠠᠨ ᠵᠢᠷᠭᠤᠭᠠᠨ ᠦᠨᠳᠦᠰᠦᠨ ᠢᠵᠠᠭᠤᠷ ᠤ᠋ᠨ ᠭᠡᠢᠭᠦᠯᠦᠭᠴᠢ ᠶ᠋ᠢ ᠪᠦᠷᠢᠨᠰᠢᠭᠦᠯᠳᠡᠭ ᠣᠨᠴᠠᠯᠢᠭ ᠲᠠᠢ᠃ ᠶᠠᠭ ᠡᠨᠡ ᠬᠦ᠌ ᠠᠮᠢ᠂ ᠶᠢᠷᠲᠢᠨᠴᠦ᠂ ᠬᠡᠯᠡ ᠭᠤᠷᠪᠠ ᠶ᠋ᠢᠨ ᠬᠣᠭᠣᠷᠣᠨᠳᠣᠬᠢ ᠰᠠᠯᠵᠤ ᠪᠣᠯᠣᠰᠢ ᠦᠭᠡᠢ ᠨᠠᠷᠢᠨ ᠨᠢᠭᠲᠠ ᠬᠣᠯᠪᠣᠭᠠᠰᠤᠯᠢᠭ ᠬᠠᠷᠢᠴᠠᠭ᠎ᠠ ᠶ᠋ᠢ ᠮᠣᠩᠭᠣᠯ ᠰᠣᠶᠣᠯ ᠠᠮᠢᠳᠤᠷᠠᠯ ᠤ᠋ᠨ ᠪᠣᠳᠠᠲᠤ ᠵᠠᠩ ᠦᠢᠯᠡ ᠶ᠋ᠢᠨ ᠶᠠᠪᠤᠴᠠ ᠳᠤᠮᠳᠠ ᠨᠠᠷᠢᠨ ᠲᠣᠳᠣᠷᠬᠠᠢ ᠢᠯᠡᠷᠬᠡᠢᠯᠡᠨ ᠬᠠᠷᠠᠭᠤᠯᠤᠭᠰᠠᠨ ᠶᠡᠷᠦᠩᠬᠡᠢᠯᠡᠭᠰᠡᠨ ᠣᠨᠴᠠᠯᠢᠭ ᠲᠠᠢ ᠢᠯᠭᠠᠮᠵᠢ ᠪᠢᠴᠢᠯᠭᠡ ᠪᠣᠯ ᠳᠠᠷᠤᠢ 《ᠶᠢᠷᠲᠢᠨᠴᠦ ᠶ᠋ᠢᠨ ᠬᠡᠯᠡ 》ᠪᠣᠯᠬᠤ ᠶᠤᠮ᠃
