1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠨᠦᠩ ᠬᠣᠩᠭᠣᠷЖонон хонгор

ᠵᠢᠨᠦᠩ ᠬᠣᠩᠭᠣᠷЖонон хонгор

2025-01-14

995

ᠵᠢᠨᠦᠩ ᠬᠣᠩᠭᠣᠷ

   ᠦᠭᠡ᠄ ᠯ᠂ ᠠᠭᠸᠠᠩᠵᠠᠮᠪᠠᠯ 
   ᠠᠶ᠎ᠠ᠄ ᠯ᠂ ᠳᠠᠰᠢᠨᠢᠮ᠎ᠠ 
ᠵᠢᠨᠦᠩ ᠬᠣᠩᠭᠣᠷ ᠮᠣᠷᠢ ᠮᠢᠨᠢ ᠬᠦ 
ᠵᠢᠯᠣᠭᠣ ᠠᠯᠳᠠᠭᠤᠯᠤᠨ ᠲᠡᠯᠡᠮᠡᠭᠦᠯᠦᠨ᠎ᠡ ᠳᠡ ᠬᠦ 
ᠵᠢᠭᠠᠬᠠᠨ ᠴᠢᠨᠦᠬᠢ ᠪᠡᠨ ᠠᠭᠠᠰᠢᠨ ᠳ᠋ᠤ᠌ ᠨᠢ ᠬᠦ 
ᠵᠢᠷᠭᠠᠬᠤ ᠪᠠᠷ ᠪᠢ ᠴᠢᠨᠢ ᠲᠡᠮᠡᠦᠯᠦᠨ᠎ᠡ ᠳᠠ ᠬᠦ 
ᠤᠨᠠᠭᠠᠨ ᠬᠣᠩᠭᠣᠷ ᠮᠣᠷᠢ ᠮᠢᠨᠢ ᠬᠦ
ᠠᠭᠤᠳᠠᠮ ᠲᠠᠯ᠎ᠠ ᠳ᠋ᠠᠭᠠᠨ ᠲᠡᠯᠡᠮᠡᠭᠦᠯᠦᠨ᠎ᠡ ᠳᠡ ᠬᠦ 
ᠤᠴᠠᠷᠠᠭᠰᠠᠨ ᠬᠣᠶᠠᠷ ᠤ᠋ᠨ ᠰᠡᠳᠬᠢᠯ ᠨᠢ ᠬᠦ 
ᠤᠳᠠᠬᠤ ᠲᠣᠰᠤᠮ ᠢ᠋ᠶ᠋ᠠᠨ ᠵᠢᠷᠭᠠᠯ ᠲᠠᠢ ᠳᠠ ᠬᠦ 
ᠵᠢᠷᠣᠭ᠎ᠠ ᠬᠣᠩᠭᠣᠷ ᠮᠣᠷᠢ ᠮᠢᠨᠢ
ᠵᠢᠯᠣᠭᠣ ᠰᠤᠩᠭᠠᠨ ᠲᠡᠯᠡᠮᠡᠭᠦᠯᠦᠨ᠎ᠡ ᠳᠡ
ᠵᠢᠷᠭᠠᠯ ᠲᠠᠢ ᠬᠥᠮᠦᠨ ᠦ᠌ ᠵᠠᠮ ᠨᠢ ᠴᠠᠭᠠᠨ
ᠤᠨᠠᠭᠠᠨ ᠬᠣᠩᠭᠣᠷ ᠮᠣᠷᠢ ᠮᠢᠨᠢ
ᠠᠭᠤᠳᠠᠮ ᠲᠠᠯ᠎ᠠ ᠳ᠋ᠠᠭᠠᠨ ᠵᠢᠷᠣᠭ᠎ᠠ ᠲᠠᠢ ᠶᠠ
ᠵᠠᠩ ᠰᠠᠢᠲᠠᠢ ᠬᠥᠮᠦᠨ ᠦ᠌ ᠵᠠᠮ ᠨᠢ ᠴᠠᠭᠠᠨ
ᠭᠠᠩᠭᠠᠩ ᠬᠣᠩᠭᠣᠷ ᠮᠣᠷᠢ ᠮᠢᠨᠢ ᠠ᠋ ᠬᠦ
ᠭᠠᠨᠵᠤᠭ᠎ᠠ ᠰᠠᠵᠢᠯᠠᠭᠤᠯᠤᠨ ᠵᠢᠷᠣᠭ᠎ᠠ ᠲᠠᠢ ᠳᠠ ᠬᠦ
ᠭᠠᠭᠴᠠᠬᠠᠨ ᠴᠢᠨᠦᠬᠢ ᠪᠡᠨ ᠠᠭᠠᠰᠢᠨ ᠳ᠋ᠤ᠌ ᠨᠢ ᠬᠦ
ᠭᠠᠭᠴᠠᠬᠠᠨ ᠰᠡᠳᠬᠢᠯ ᠮᠢᠨᠢ ᠤᠶᠠᠭ᠎ᠠ ᠲᠠᠢ ᠳᠠ ᠬᠦ
ᠤᠨᠠᠭᠠᠨ ᠬᠣᠩᠭᠣᠷ ᠮᠣᠷᠢ ᠮᠢᠨᠢ ᠠ᠋ ᠬᠦ
ᠠᠭᠤᠳᠠᠮ ᠲᠠᠯ᠎ᠠ ᠳ᠋ᠠᠭᠠᠨ ᠲᠡᠯᠡᠮᠡᠭᠦᠯᠦᠨ᠎ᠡ ᠳᠡ ᠬᠦ
ᠤᠴᠠᠷᠠᠭᠰᠠᠨ ᠬᠣᠶᠠᠷ ᠤ᠋ᠨ ᠰᠡᠳᠬᠢᠯ ᠨᠢ ᠬᠦ
ᠤᠳᠠᠬᠤ ᠲᠣᠰᠤᠮ ᠢ᠋ᠶ᠋ᠠᠨ ᠵᠢᠷᠭᠠᠯ ᠲᠠᠢ ᠳᠠ ᠬᠦ
ᠵᠢᠭᠠᠬᠠᠨ ᠴᠢᠨᠦᠬᠢ ᠪᠡᠨ ᠠᠭᠠᠰᠢᠨ ᠳ᠋ᠤ᠌ ᠨᠢ ᠬᠦ
ᠵᠢᠷᠭᠠᠬᠤ ᠪᠠᠷ ᠪᠢ ᠴᠢᠨᠢ ᠲᠡᠮᠡᠦᠯᠦᠨ᠎ᠡ ᠳᠠ ᠬᠦ
ᠵᠢᠷᠭᠠᠬᠤ ᠪᠠᠷ ᠪᠢ ᠴᠢᠨᠢ ᠲᠡᠮᠡᠦᠯᠦᠨ᠎ᠡ ᠳᠠ ᠬᠦ

   ᠦᠰᠦᠭ ᠬᠠᠲᠠᠭᠴᠢ᠄ ᠲ᠂ ᠨᠢᠩᠪᠥᠥ
   ᠦᠰᠦᠭ ᠬᠠᠲᠠᠭᠴᠢ᠄ ᠪᠢᠮᠪᠠ᠂ ᠢᠷᠡᠭᠡᠳᠦᠢ