ᠵᠠᠩᠭᠠᠷ ᠣᠬᠣᠷ ᠬᠡᠰᠡᠭ Зангар охор хэсэг
ᠵᠠᠩᠭᠠᠷ ᠣᠬᠣᠷ ᠬᠡᠰᠡᠭ
ᠲᠠᠬᠢᠯ ᠵᠤᠯᠠ ᠬᠠᠭᠠᠨ ᠤ᠋ ᠦᠯᠡᠳᠡᠯ
ᠲᠠᠩᠰᠤᠭ ᠪᠤᠮᠪᠠ ᠬᠠᠭᠠᠨ ᠤ᠋ ᠠᠴᠢ
ᠦᠵᠦᠩ ᠠᠯᠳᠠᠷ ᠬᠠᠭᠠᠨ ᠤ᠋ ᠬᠥᠪᠡᠭᠦᠨ
ᠦᠶ᠎ᠡ ᠶ᠋ᠢᠨ ᠥᠨᠥᠴᠢᠨ ᠵᠠᠩᠭᠠᠷ ᠢ᠋
ᠬᠡᠯᠡᠭᠡᠳ ᠢᠷᠡᠳᠡᠭ ᠪᠣᠯᠬᠤᠯ᠎ᠠ
ᠭᠠᠩᠭ᠎ᠠ ᠮᠥᠷᠡᠨ ᠳᠠᠯᠠᠢ ᠴᠢᠨᠢ
ᠱᠠᠯᠴᠢᠭ ᠪᠠᠢᠭᠰᠠᠨ ᠴᠠᠭ ᠲᠤ᠌ ᠲᠥᠷᠥᠭᠰᠡᠨ
ᠭᠠᠯᠪᠠᠷ ᠽᠠᠨᠳᠠᠨ ᠮᠣᠳᠣᠨ ᠴᠢᠨᠢ
ᠪᠤᠷᠠᠭ᠎ᠠ ᠪᠠᠢᠳᠠᠭ ᠴᠠᠭ ᠲᠤ᠌ ᠭᠠᠷᠤᠭᠰᠠᠨ ᠠ᠋ᠴᠠ ᠪᠠᠨ ᠨᠠᠭᠠᠰᠢ ᠪᠠᠨ
ᠭᠠᠵᠠᠷ ᠤᠰᠤ ᠪᠠᠨ ᠠᠯᠳᠠᠭ᠎ᠠ ᠦᠭᠡᠢ
ᠠᠰᠢᠳᠠ ᠶ᠋ᠢᠨ ᠭᠤᠷᠪᠠᠨ ᠬᠠᠭᠠᠳ ᠤ᠋ᠨ ᠳᠣᠲᠣᠷ᠎ᠠ
ᠨᠡᠷ᠎ᠡ ᠴᠣᠯᠠ ᠪᠠᠨ ᠠᠯᠳᠠᠭ᠎ᠠ ᠦᠭᠡᠢ
ᠲᠥᠷᠥᠭᠰᠡᠨ ᠡᠴᠡ ᠪᠡᠨ ᠨᠠᠭᠠᠰᠢ ᠪᠠᠨ
ᠲᠥᠷᠥ ᠱᠠᠵᠢᠨ ᠨᠠᠮᠳᠠᠭ᠎ᠠ ᠦᠭᠡᠢ
ᠲᠥᠷᠥ ᠶ᠋ᠢᠨ ᠳᠥᠷᠪᠡᠨ
ᠬᠠᠭᠠᠳ ᠤ᠋ᠨ ᠳᠣᠲᠣᠷ᠎ᠠ
ᠨᠡᠷ᠎ᠡ ᠲᠥᠷᠥ ᠪᠡᠨ ᠠᠯᠳᠠᠭ᠎ᠠ ᠦᠭᠡᠢ
ᠠᠯᠳᠠᠷ ᠨᠣᠶᠠᠨ ᠵᠠᠩᠭᠠᠷ ᠭᠡᠵᠦ
ᠬᠡᠯᠡᠳᠡᠭ ᠰᠠᠨᠵᠢ ᠭᠡᠨ᠎ᠡ ᠯᠡ
ᠢᠷᠡᠯᠲᠡ ᠄ ᠰᠦᠯᠵᠢᠶᠡᠨ ᠡᠴᠡ ᠰᠣᠩᠭᠣᠪᠠ᠃
ᠦᠰᠦᠭ ᠠᠮᠢᠯᠠᠭᠤᠯᠤᠭᠰᠠᠨ ᠨᠢ ᠄ ᠴᠢ᠊ · ᠤᠷᠠᠨᠴᠡᠴᠡᠭ
ᠬᠢᠨᠠᠯᠲᠠ ᠄ ᠮᠣᠩᠭᠣᠯ ᠰᠦᠨᠡᠰᠦ ᠰᠡᠴᠡᠨᠴᠢᠮᠡᠭ
