ᠪᠡᠭᠡᠵᠢᠩ ᠯᠠᠮᠠ ᠶ᠋ᠢᠨ ᠭᠤᠲᠤᠮᠰᠢᠭ-ᠬᠣᠷᠴᠢᠨ ᠠᠷᠠᠳ ᠤ᠋ᠨ ᠳᠠᠭᠤᠤ- ᠪᠤᠤ ᠨᠠᠮᠵᠢᠯБээжин ламын гутамшиг-Хорчин ардын дуу-Боо Намжил ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠡᠭᠡᠵᠢᠩ ᠯᠠᠮᠠ ᠶ᠋ᠢᠨ ᠭᠤᠲᠤᠮᠰᠢᠭ-ᠬᠣᠷᠴᠢᠨ ᠠᠷᠠᠳ ᠤ᠋ᠨ ᠳᠠᠭᠤᠤ- ᠪᠤᠤ ᠨᠠᠮᠵᠢᠯБээжин ламын гутамшиг-Хорчин ардын дуу-Боо Намжил

ᠪᠡᠭᠡᠵᠢᠩ ᠯᠠᠮᠠ ᠶ᠋ᠢᠨ ᠭᠤᠲᠤᠮᠰᠢᠭ-ᠬᠣᠷᠴᠢᠨ ᠠᠷᠠᠳ ᠤ᠋ᠨ ᠳᠠᠭᠤᠤ- ᠪᠤᠤ ᠨᠠᠮᠵᠢᠯБээжин ламын гутамшиг-Хорчин ардын дуу-Боо Намжил

2025-01-13

5050

ᠪᠡᠭᠡᠵᠢᠩ ᠯᠠᠮᠠ ᠶ᠋ᠢᠨ ᠭᠤᠲᠤᠮᠰᠢᠭ

     ᠬᠣᠷᠴᠢᠨ ᠠᠷᠠᠳ ᠤ᠋ᠨ ᠳᠠᠭᠤᠤ 
         ᠪᠤᠤ ᠨᠠᠮᠵᠢᠯ ᠴᠤᠭᠤᠷᠳᠠᠨ ᠳᠠᠭᠤᠯᠠᠪᠠ 

ᠬᠣᠢᠨ᠎ᠠ ᠠ᠋ᠴᠠ ᠨᠢᠰᠦᠭᠡᠳ ᠢᠷᠡᠬᠦ ᠬᠤᠨ ᠭᠠᠯᠠᠭᠤ ᠶ᠋ᠢᠨ ᠳᠣᠩᠭᠣᠳᠬᠤ ᠨᠢ ᠬᠦ 
ᠬᠤᠭᠤᠷ ᠪᠣᠯᠤᠨ ᠴᠣᠭᠣᠷ ᠲᠠᠢ ᠪᠠᠨ ᠨᠢᠭᠡᠯᠡᠬᠡᠨ ᠡᠬᠡᠰᠢᠭ ᠠ᠋ 
ᠬᠣᠢᠲᠤ ᠬᠠᠰᠢᠶᠠᠨ ᠳ᠋ᠤ᠌ ᠪᠠᠨ ᠵᠣᠭᠰᠣᠵᠤ ᠪᠠᠢᠬᠤ ᠮᠥᠨ ᠲᠡᠷᠡ ᠨᠢᠭᠡ ᠡᠭᠡᠴᠢ ᠳᠡᠭᠦᠦ 
ᠬᠤᠪᠢ ᠶ᠋ᠢᠨ ᠲᠠᠨᠢᠭᠰᠠᠨ ᠵᠢᠦᠶᠸᠷ ᠲᠠᠢ ᠨᠢ ᠨᠢᠭᠡᠯᠡᠬᠡᠨ ᠵᠢᠰᠦ ᠤᠤ ᠳᠠ ᠬᠦ 
ᠤᠷᠢᠳᠤ ᠠ᠋ᠴᠠ ᠨᠢᠰᠦᠭᠡᠳ ᠢᠷᠡᠬᠦ ᠤᠯᠠᠭᠠᠨ ᠭᠠᠯᠠᠭᠤ ᠶ᠋ᠢᠨ ᠳᠣᠩᠭᠣᠳᠬᠤ ᠨᠢ ᠳᠡ 
ᠤᠲᠠᠰᠤ ᠪᠣᠯᠤᠨ ᠬᠤᠭᠤᠷ ᠲᠠᠢ ᠪᠠᠨ ᠨᠢᠭᠡᠯᠡᠬᠡᠨ ᠡᠬᠡᠰᠢᠭ ᠠ᠋ 
ᠤᠷᠢᠳᠤ ᠬᠠᠰᠢᠶᠠᠨ ᠳ᠋ᠠᠭᠠᠨ ᠵᠣᠭᠰᠣᠵᠤ ᠪᠠᠢᠬᠤ ᠮᠥᠨ ᠲᠡᠷᠡ ᠨᠢᠭᠡ ᠡᠭᠡᠴᠢ ᠳᠡᠭᠦᠦ 
ᠤᠷᠢᠳᠤ ᠶ᠋ᠢᠨ ᠰᠠᠨᠠᠭᠰᠠᠨ ᠵᠢᠦᠶᠸᠷ ᠲᠡᠢ ᠮᠢᠨᠢ ᠨᠢᠭᠡᠯᠡᠬᠡᠨ ᠵᠢᠰᠦ ᠤᠤ ᠳᠠ
ᠤᠷᠢᠳᠤ ᠠ᠋ᠴᠠ ᠨᠢᠰᠦᠭᠡᠳ ᠢᠷᠡᠬᠦ ᠤᠯᠠᠭᠠᠨ ᠭᠠᠯᠠᠭᠤ ᠶ᠋ᠢᠨ ᠳᠣᠩᠭᠣᠳᠬᠤ ᠨᠢ ᠳᠡ
ᠤᠲᠠᠰᠤ ᠪᠣᠯᠤᠨ ᠬᠤᠭᠤᠷ ᠲᠠᠢ ᠪᠠᠨ ᠶᠠᠭᠠᠬᠢᠵᠤ ᠲᠠᠭᠠᠷᠠᠬᠤ ᠶᠤᠮ ᠳᠠ
ᠤᠷᠢᠳᠤ ᠬᠠᠰᠢᠶᠠᠨ ᠳ᠋ᠠᠭᠠᠨ ᠵᠣᠭᠰᠣᠵᠤ ᠪᠠᠢᠬᠤ ᠡᠨᠡ ᠨᠢᠭᠡ ᠯᠡ ᠬᠦ ᠬᠦ ᠴᠢᠨᠢ
ᠤᠷᠢᠳᠤ ᠶ᠋ᠢᠨ ᠰᠠᠨᠠᠭᠰᠠᠨ ᠵᠢᠦᠶᠸᠷ ᠢ ᠲᠡᠢ ᠴᠢᠨᠢ ᠶᠠᠭᠠᠬᠢᠵᠤ ᠴᠤ᠌ ᠲᠠᠭᠠᠷᠠᠨ᠎ᠠ ᠳᠠ ᠬᠦ
ᠬᠣᠢᠨ᠎ᠠ ᠠ᠋ᠴᠠ ᠨᠢᠰᠦᠭᠡᠳ ᠢᠷᠡᠬᠦ ᠬᠤᠨ ᠭᠠᠯᠠᠭᠤ ᠶ᠋ᠢᠨ ᠳᠣᠩᠭᠣᠳᠬᠤ ᠨᠢ ᠬᠦ
ᠬᠤᠭᠤᠷ ᠪᠣᠯᠤᠨ ᠱᠠᠨᠵᠠ ᠲᠠᠢ ᠪᠠᠨ ᠶᠠᠭᠠᠬᠢᠵᠤ ᠴᠤ᠌ ᠲᠠᠭᠠᠷᠠᠬᠤ ᠶᠤᠮ ᠳᠠ
ᠬᠣᠢᠲᠤ ᠬᠠᠰᠢᠶᠠᠨ ᠳ᠋ᠠᠭᠠᠨ ᠵᠣᠭᠰᠣᠵᠤ ᠪᠠᠢᠬᠤ ᠡᠨᠡ ᠨᠢᠭᠡ ᠯᠡ ᠬᠦ ᠬᠦ ᠴᠢᠨᠢ
ᠬᠣᠢᠲᠤ ᠡᠵᠢ ᠵᠢᠦᠶᠸᠷ ᠲᠡᠢ ᠴᠢᠨᠢ ᠶᠠᠭᠠᠬᠢᠵᠤ ᠴᠤ᠌ ᠲᠠᠭᠠᠷᠠᠨ᠎ᠠ ᠳᠠ ᠬᠦ
ᠳᠠᠷᠬᠠᠨ ᠬᠤᠰᠢᠭᠤᠨ ᠳ᠋ᠤ᠌ ᠪᠠᠭᠤᠭᠠᠳ ᠢᠷᠡᠬᠦᠯᠡᠷ ᠪᠡᠶ᠎ᠡ ᠮᠢᠨᠢ ᠬᠦ
ᠳᠡ ᠯᠠᠮᠠ ᠮᠠᠮ᠎ᠠ ᠶ᠋ᠢᠨ ᠳᠥᠯᠭᠡᠨ ᠳᠡᠭᠡᠷ᠎ᠡ ᠪᠢ ᠳᠠᠪᠬᠤᠷ ᠳᠠᠪᠬᠤᠷ ᠦᠵᠡᠭᠦᠯᠦᠭᠰᠡᠨ ᠠ᠋
ᠳᠠ ᠯᠠᠮᠠ ᠮᠠᠮ᠎ᠠ ᠶ᠋ᠢᠨ ᠳᠥᠯᠭᠡᠨ ᠳᠡᠭᠡᠷ᠎ᠡ ᠪᠠᠭᠤᠭᠠᠳ ᠲᠡᠭᠡᠭᠰᠡᠨ ᠊ ᠢ ᠰᠣᠨᠣᠰᠤᠨ᠎ᠠ ᠤᠤ
ᠳᠠ ᠶ᠋ᠢᠨ ᠥᠬᠢᠨ ᠳᠠᠭᠤᠯᠠ ᠴᠢᠮ᠎ᠠ ᠲᠠᠢ ᠬᠦᠢ
ᠳᠠᠪᠠᠭᠤ ᠬᠤᠪᠢ ᠲᠠᠢ ᠭᠡᠨ᠎ᠡ ᠱᠢ ᠠ᠋ ᠬᠦ
ᠬᠣᠷᠴᠢᠨ ᠬᠤᠰᠢᠭᠤᠨ ᠵᠦᠭ ᠪᠠᠭᠤᠭᠠᠳ ᠢᠷᠡᠬᠦᠯᠡᠷ ᠪᠡᠶ᠎ᠡ ᠮᠢᠨᠢ ᠠ᠋
ᠬᠤᠪᠢᠯᠭᠠᠨ ᠮᠠᠮ᠎ᠠ ᠶ᠋ᠢᠨ ᠳᠥᠯᠭᠡᠨ ᠳᠡᠭᠡᠷ᠎ᠡ ᠬᠣᠶᠠᠷ ᠤᠳᠠᠭ᠎ᠠ ᠦᠵᠡᠭᠦᠯᠦᠭᠰᠡᠨ
ᠬᠤᠪᠢᠯᠭᠠᠨ ᠮᠠᠮ᠎ᠠ ᠶ᠋ᠢᠨ ᠳᠥᠯᠭᠡᠨ ᠳᠡᠭᠡᠷ᠎ᠡ ᠪᠠᠭᠤᠭᠠᠳ ᠲᠡᠭᠡᠭᠰᠡᠨ ᠊ ᠢ ᠨᠢ ᠰᠣᠨᠣᠰᠬᠤ ᠤᠤ ᠳᠠ
ᠬᠣᠢᠨ᠎ᠠ ᠳᠠ ᠶ᠋ᠢᠨ ᠥᠬᠢᠨ ᠬᠦᠦᠳᠠᠭᠤᠯᠠ ᠴᠢᠮ᠎ᠠ ᠲᠠᠢ ᠬᠦ
ᠬᠤᠪᠢ ᠲᠠᠢ ᠭᠡᠳ ᠯᠡ ᠪᠠᠭᠤᠭᠰᠠᠨ ᠶᠤᠮ ᠠ᠋
ᠳᠠᠷᠬᠠᠨ ᠬᠤᠰᠢᠭᠤᠨ ᠤ᠋ ᠭᠠᠵᠠᠷ ᠲᠤ᠌ ᠪᠠᠨ ᠳᠠᠷᠤᠭᠳᠠᠵᠤ ᠶᠠᠪᠤᠭᠰᠠᠨ ᠪᠡᠭᠡᠵᠢᠩ ᠯᠠᠮᠠ
ᠳᠠ ᠶ᠋ᠢᠨ ᠥᠬᠢᠨ ᠳᠠᠭᠤᠯᠠ ᠨᠠᠮ᠎ᠠ ᠲᠠᠢ ᠳᠠᠪᠠᠭᠤᠷᠠᠵᠤ ᠬᠡᠯᠡᠯᠴᠡᠬᠦ ᠨᠢ ᠶᠠᠭᠤ ᠶᠤᠮ ᠳᠠ?
ᠳᠠᠪᠠᠭᠤᠷᠠᠵᠤ ᠬᠡᠯᠡᠯᠴᠡᠭᠰᠡᠨ ᠪᠤᠷᠤᠭᠤ ᠪᠠᠨ ᠮᠡᠳᠡᠭᠡᠳ ᠳᠠᠷᠤᠢ ᠲᠦᠷᠭᠡᠨ ᠶᠠᠪᠤᠬᠤ ᠦᠭᠡᠢ ᠪᠣᠯ
ᠳᠠ ᠠᠪᠤ ᠳ᠋ᠤ᠌ ᠬᠡᠯᠡᠵᠦ ᠪᠠᠢᠭᠠᠳ ᠴᠢᠮ᠎ᠠ ᠶ᠋ᠢ ᠳᠠᠯᠠᠨ ᠲᠠᠰᠢᠭᠤᠷ ᠭᠤᠶᠠᠳᠠᠭᠤᠯᠤᠨ᠎ᠠ
ᠬᠣᠷᠴᠢᠨ ᠬᠤᠰᠢᠭᠤᠨ ᠳ᠋ᠤ᠌ ᠪᠠᠨ ᠬᠣᠨᠵᠢᠵᠤ ᠶᠠᠪᠤᠭᠰᠠᠨ ᠪᠡᠭᠡᠵᠢᠩ ᠴᠢ
ᠬᠣᠢᠨ᠎ᠠ ᠳᠠ ᠶ᠋ᠢᠨ ᠥᠬᠢᠨ ᠬᠦᠦᠳᠠᠭᠤᠯᠠ ᠨᠠᠮ᠎ᠠ ᠶ᠋ᠢ ᠬᠠᠪᠢᠷᠴᠤ ᠬᠡᠯᠡᠯᠴᠡᠬᠦ ᠨᠢ ᠶᠠᠭᠤ ᠶᠤᠮ ᠠ᠋
ᠬᠠᠯᠳᠠᠵᠤ ᠬᠡᠯᠡᠯᠴᠡᠭᠰᠡᠨ ᠪᠤᠷᠤᠭᠤ ᠪᠠᠨ ᠮᠡᠳᠡᠭᠡᠳ ᠬᠤᠷᠳᠤᠨ ᠶᠠᠪᠤᠬᠤ ᠦᠭᠡᠢ ᠪᠣᠯᠪᠠᠯ ᠠ᠋
ᠬᠣᠢᠨ᠎ᠠ ᠳᠠ ᠠᠪᠤ ᠳ᠋ᠤ᠌ ᠬᠡᠯᠡᠵᠦ ᠪᠠᠢᠭᠠᠳ ᠴᠢᠮ᠎ᠠ ᠶ᠋ᠢ
ᠬᠠᠤᠯᠢ ᠶ᠋ᠢᠨ ᠲᠠᠰᠢᠭᠤᠷ ᠢ᠋ᠶ᠋ᠠᠷ ᠭᠤᠶᠠᠳᠠᠭᠤᠯᠤᠨ᠎ᠠ
ᠠᠪᠤ ᠡᠵᠢ ᠬᠣᠶᠠᠷ ᠴᠢᠮ᠎ᠠ ᠶ᠋ᠢ ᠳᠡ ᠬᠦ 
ᠠᠯᠤᠰ ᠤ᠋ᠨ ᠶᠦᠩ ᠾᠧ ᠬᠦᠩ ᠳ᠋ᠦ᠍ ᠰᠠᠭᠤᠯᠭᠠᠬᠤ ᠳ᠋ᠠᠭᠠᠨ
ᠠᠷᠪᠠᠨ ᠲᠥᠷᠥᠯ ᠦ᠋ᠨ ᠴᠢᠨᠢ ᠳᠡ ᠠᠷᠤᠤᠬᠠᠨ ᠵᠠᠮ ᠊ ᠢ ᠴᠢᠨᠢ ᠵᠠᠰᠠᠵᠤ ᠥᠭᠭᠦᠭᠰᠡᠨ ᠠ᠋
ᠠᠷᠢᠭᠤᠨ ᠰᠠᠬᠢᠯ ᠢ᠋ᠶ᠋ᠠᠨ ᠰᠠᠬᠢᠬᠤ ᠦᠭᠡᠢ ᠴᠢ
ᠠᠷᠪᠠᠨ ᠬᠠᠷ᠎ᠠ ᠶ᠋ᠢ ᠦᠢᠯᠡᠳᠦᠭᠰᠡᠭᠡᠷ
ᠠᠪᠠᠨ ᠳ᠋ᠤ᠌ ᠣᠷᠣᠭᠰᠠᠨ ᠴᠢᠨᠣ᠎ᠠ ᠳ᠋ᠤ᠌ ᠠᠳᠠᠯᠢ
ᠠᠯᠮᠠᠢᠷᠠᠵᠤ ᠭᠦᠶᠦᠬᠦ ᠪᠡᠨ ᠮᠡᠳᠡᠵᠦ ᠤᠤ ᠳᠠ
ᠰᠢᠷ᠎ᠠ ᠰᠦᠮ᠎ᠡ ᠶᠦᠩ ᠾᠧ ᠬᠦᠩ ᠳ᠋ᠦ᠍ ᠪᠡᠨ ᠴᠢᠮ᠎ᠠ ᠶ᠋ᠢ ᠱᠠᠪᠢ ᠪᠠᠷ ᠥᠭᠬᠦᠯᠡᠷ
ᠱᠠᠵᠢᠨ ᠤ᠋ ᠲᠣᠭᠣᠰᠣ ᠶ᠋ᠢ ᠳᠠᠭᠠᠭᠤᠯᠤᠭᠠᠳ ᠰᠠᠢᠬᠠᠨ ᠵᠠᠮ ᠳᠡᠭᠡᠷ᠎ᠡ ᠲᠠᠯᠪᠢᠭ᠍ᠰᠠᠨ ᠶᠤᠮ ᠠ᠋
ᠰᠠᠬᠢᠯ ᠪᠠᠷᠠᠮᠢᠳ ᠢ᠋ᠶ᠋ᠠᠨ ᠬᠢᠴᠢᠶᠡᠬᠦ ᠦᠭᠡᠢ ᠴᠢ ᠱᠠᠯᠢᠭ ᠴᠠᠯᠴᠢᠶ᠎ᠠ ᠶᠠᠪᠤᠭᠰᠠᠭᠠᠷ ᠠ᠋
ᠴᠠᠰᠤᠨ ᠤ᠋ ᠲᠠᠤᠯᠠᠢ ᠠᠳᠠᠯᠢᠬᠠᠨ ᠰᠢᠷᠪᠠᠯᠵᠠᠵᠤ ᠶᠠᠪᠤᠬᠤ ᠪᠠᠨ ᠮᠡᠳᠡᠵᠦ ᠤᠤ ᠬᠦ

  ᠶᠦᠩ ᠾᠧ ᠬᠦᠩ — ᠪᠡᠭᠡᠵᠢᠩ ᠬᠣᠲᠠ ᠶ᠋ᠢᠨ ᠰᠦᠮ᠎ᠡ ᠶ᠋ᠢᠨ ᠨᠡᠷ᠎ᠡ
  ᠳᠡ ᠠᠪᠤ — ᠲᠣᠰᠬᠣᠨ ᠤ᠋ ᠳᠠᠷᠤᠭ᠎ᠠ
  ᠬᠦ ᠬᠦ — ᠠᠪᠠᠭ᠎ᠠ ᠡᠵᠢ
  ᠡᠶᠢ — ᠡᠵᠢ

   ᠦᠰᠦᠭ ᠠᠮᠢᠯᠠᠭᠤᠯᠤᠭᠰᠠᠨ ᠨᠢ᠄ ᠲᠦᠮᠡᠨᠴᠡᠴᠡᠭ
   ᠦᠰᠦᠭ ᠬᠠᠲᠠᠭᠰᠠᠨ ᠨᠢ᠄ ᠤᠷᠢᠶᠠᠩᠬᠠᠢ ᠨᠠᠷᠠᠨᠮᠠᠨᠳᠠ
   ᠬᠢᠨᠠᠭᠴᠢ᠄ ᠭᠠᠷᠮ ‍ᠠ᠋᠂ ᠮᠣᠩᠭᠣᠯᠡᠪᠦᠭᠡᠨ ᠂ ᠠᠯᠲᠠᠨᠴᠡᠴᠡᠭ
   ᠳᠥᠭᠥᠮ ᠬᠠᠳᠠᠮᠠᠯ ᠴᠤᠭᠯᠠᠷᠠᠯ ᠨᠠᠢᠷᠠᠭᠤᠯᠤᠨ ᠦᠢᠯᠡᠳᠪᠡ