ᠣᠮᠣᠭОмог ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠮᠣᠭОмог

ᠣᠮᠣᠭОмог

2025-01-13

728

   ᠣᠮᠣᠭ ᠪᠣᠯ《ᠲᠠᠪᠢᠨ ᠳᠣᠯᠣᠭᠠᠨ ᠨᠣᠮ》 ᠳᠣᠲᠣᠷᠠᠬᠢ ᠨᠢᠭᠡᠨ ᠪᠣᠯᠤᠨ᠎ᠠ᠃ᠰᠢᠯᠦᠭ ᠲᠦ᠍ ᠥᠭᠦᠯᠡᠭᠰᠡᠨ ᠨᠢ ᠣᠮᠣᠭ ᠤ᠋ᠨ ᠪᠡᠯᠭᠡ ᠳᠣᠯᠣᠭᠠᠨ ᠵᠦᠢᠯ ᠪᠠᠢᠮᠤᠢ᠃ᠣᠳᠣ ᠲᠡᠭᠦᠨ ᠢ᠋ ᠢᠯᠭᠠᠨ ᠲᠣᠳᠣᠷᠬᠠᠢᠯᠠᠵᠤ ᠶᠠᠷᠢᠰᠤᠭᠠᠢ᠃ᠣᠮᠣᠭ ᠤ᠋ᠨ ᠪᠡᠯᠭᠡ ᠬᠡᠮᠡᠭᠴᠢ᠂ᠥᠪᠡᠷ ᠡᠴᠡ ᠪᠡᠨ ᠠᠨᠠᠢ ᠶ᠋ᠢ ᠠᠨᠠᠢ ᠰᠠᠴᠠᠭᠤ ᠬᠡᠮᠡᠬᠦ ᠂ ᠠᠨᠠᠢ ᠲᠠᠢ ᠠᠳᠠᠯᠢᠳᠬᠠᠭᠠᠳ ᠳᠠᠪᠠᠭᠤᠯᠢᠭ ᠪᠤᠶᠤ ᠲᠡᠩᠴᠡᠭᠦᠦ ᠬᠡᠮᠡᠬᠦ᠃ ᠡᠢᠮᠦ ᠡᠴᠡ ᠡᠭᠦᠨ ᠢ᠋ ᠣᠮᠣᠭ ᠬᠡᠮᠡᠪᠡᠢ᠃
ᠣᠮᠣᠭ ᠲᠤ᠌ ᠳᠣᠯᠣᠭᠠᠨ ᠵᠦᠢᠯ ᠪᠣᠢ᠄
1᠂ ᠦᠯᠡᠮᠵᠢ ᠣᠮᠣᠭ—ᠬᠡᠵᠢᠶᠡᠳᠡ ᠥᠪᠡᠷ ᠦ᠋ᠨ ᠪᠡᠶ᠎ᠡ ᠡᠴᠡ ᠪᠡᠨ ᠠᠨᠠᠢ ᠬᠥᠮᠦᠨ ᠲᠡᠢ ᠠᠳᠠᠯᠢᠳᠬᠠᠳᠠᠭ ᠡᠢᠮᠦ ᠰᠡᠳᠬᠢᠯ ᠦ᠋ᠨ ᠪᠠᠢᠳᠠᠯ ᠢ᠋ ᠬᠡᠯᠡᠨ᠎ᠡ᠃
2᠂ ᠬᠡᠳᠦ ᠣᠮᠣᠭ— ᠪᠤᠰᠤᠳ ᠤ᠋ᠨ ᠪᠡᠶ᠎ᠡ ᠳᠡᠭᠡᠷ᠎ᠡ ᠲᠣᠪ ᠲᠣᠳᠣᠷᠬᠠᠢ ᠥᠪᠡᠷ ᠡᠴᠡ ᠨᠢ ᠦᠯᠡᠮᠵᠢ ᠪᠤᠶᠤ ᠥᠪᠡᠷ ᠢ᠋ ᠨᠢ ᠳᠠᠪᠠᠬᠤ ᠲᠠᠯ᠎ᠠ ᠪᠠᠢᠬᠤ ᠳ᠋ᠤ᠌ ᠬᠠᠷᠢᠨ ᠥᠪᠡᠷ ᠢ᠋ ᠪᠡᠨ ᠲᠡᠭᠦᠨ ᠲᠡᠢ ᠠᠳᠠᠯᠢ ᠰᠠᠴᠠᠭᠤ ᠭᠡᠵᠦ ᠳᠡᠮᠡᠢ ᠬᠣᠭᠣᠰᠣᠨ ᠦᠵᠡᠳᠡᠭ᠃ ᠡᠢᠮᠦ ᠰᠡᠳᠬᠢᠯ ᠦ᠋ᠨ ᠬᠠᠨᠳᠤᠰᠢ ᠶ᠋ᠢ ᠬᠡᠯᠡᠨ᠎ᠡ᠃
3᠂ ᠬᠡᠳᠦ ᠡᠴᠡ ᠬᠡᠳᠦ ᠣᠮᠣᠭ—ᠥᠪᠡᠷ ᠡᠴᠡ ᠪᠡᠨ ᠨᠡᠩ ᠳᠠᠪᠠᠭᠤᠯᠢᠭ ᠬᠥᠮᠦᠨ ᠢ᠋ ᠥᠪᠡᠷ ᠲᠡᠢ ᠨᠢ ᠠᠳᠠᠯᠢ ᠲᠡᠩᠴᠡᠭᠦᠦ ᠭᠡᠵᠦ ᠦᠵᠡᠬᠦ ᠡᠰᠡᠪᠡᠯ ᠥᠪᠡᠷ ᠢ᠋ ᠪᠡᠨ ᠲᠡᠳᠡᠭᠡᠷ ᠦᠯᠡᠮᠵᠢ ᠳᠠᠪᠠᠭᠤᠯᠢᠭ ᠬᠥᠮᠦᠰ ᠡᠴᠡ ᠪᠠᠰᠠ ᠰᠢᠯᠢᠳᠡᠭ ᠰᠠᠢᠨ ᠭᠡᠵᠦ ᠦᠵᠡᠬᠦ᠂ ᠡᠢᠮᠦ ᠰᠡᠳᠬᠢᠯ ᠦ᠋ᠨ ᠬᠠᠨᠳᠤᠰᠢ ᠶ᠋ᠢ ᠬᠡᠯᠡᠨ᠎ᠡ᠃
4᠂ ᠪᠢ ᠬᠡᠮᠡᠬᠦ ᠣᠮᠣᠭ—ᠲᠠᠪᠤᠨ ᠴᠣᠭᠴᠠ ᠶ᠋ᠢᠨ ᠲᠤᠰ ᠪᠡᠶ᠎ᠡ ᠨᠢ ᠴᠢᠨᠠᠷ ᠬᠣᠭᠣᠰᠣᠨ ᠪᠠᠢᠳᠠᠭ᠃ᠭᠡᠲᠡᠯ᠎ᠡ ᠥᠪᠡᠷᠲᠡᠭᠡᠨ ᠮᠡᠳᠡᠯᠭᠡ ᠦᠭᠡᠢ ᠮᠤᠩᠬᠠᠭ ᠤ᠋ᠨ ᠰᠢᠯᠲᠠᠭᠠᠨ ᠢ᠋ᠶ᠋ᠠᠷ ᠡᠨᠡᠬᠦ《ᠪᠢ》 ᠶ᠋ᠢ ᠪᠣᠳᠠᠲᠠᠢ ᠪᠠᠢᠭ᠎ᠠ ᠪᠠᠷ ᠥᠪᠡᠷᠦᠨ ᠴᠢᠨᠠᠷ ᠣᠷᠣᠰᠢᠵᠤ ᠪᠠᠢᠬᠤ ᠪᠠᠷ ᠦᠵᠡᠳᠡᠭ ᠃ᠡᠢᠮᠦ ᠰᠡᠳᠬᠢᠯ ᠦ᠋ᠨ ᠪᠠᠢᠳᠠᠯ ᠢ᠋ 《ᠪᠢ ᠬᠡᠮᠡᠬᠦ ᠣᠮᠣᠭ》ᠭᠡᠵᠡᠢ᠃
5᠂ ᠢᠯᠡᠷᠬᠡᠢ ᠣᠮᠣᠭ—ᠥᠪᠡᠷ ᠲᠦ᠍ ᠪᠡᠨ ᠷᠢᠳᠢ ᠰᠢᠳᠢ ᠵᠢᠴᠢ ᠰᠤᠷᠲᠠᠪᠠᠨ ᠤ᠋ ᠦᠷ᠎ᠡ ᠵᠡᠷᠭᠡ ᠪᠦᠲᠦᠭᠡᠯ ᠢ᠋ ᠬᠠᠷᠠᠬᠠᠨ ᠣᠯᠤᠭᠠᠳᠤᠢ᠂ ᠭᠡᠲᠡᠯ᠎ᠡ ᠡᠷᠳᠡᠮ ᠮᠡᠳᠡᠯᠭᠡ ᠦᠭᠡᠢ ᠶ᠋ᠢᠨ ᠰᠢᠯᠲᠠᠭᠠᠨ ᠢ᠋ᠶ᠋ᠠᠷ᠄《ᠪᠢ ᠶᠠᠮᠠᠷ ᠬᠡᠮᠵᠢᠶᠡᠨ ᠦ᠌ ᠪᠦᠲᠦᠭᠡᠯ ᠢ᠋ ᠣᠯᠴᠢᠬᠠᠭᠰᠠᠨ》ᠭᠡᠬᠦ ᠪᠠ ᠥᠪᠡᠷ ᠢ᠋ ᠪᠡᠨ ᠶᠠᠮᠠᠷ ᠶᠠᠮᠠᠷ ᠦᠷ᠎ᠡ ᠶ᠋ᠢᠨ ᠣᠷᠣᠨ ᠳ᠋ᠤ᠌ ᠬᠦᠷᠴᠢᠬᠡᠭᠰᠡᠨ ᠭᠡᠵᠦ ᠶᠠᠷᠢᠬᠤ ᠶ᠋ᠢ 《ᠢᠯᠡᠷᠬᠡᠢ ᠣᠮᠣᠭ》ᠭᠡᠨ᠎ᠡ᠃
6᠂ ᠭᠠᠵᠢᠭᠤ ᠣᠮᠣᠭ—ᠥᠪᠡᠷ ᠲᠡᠭᠡᠨ ᠲᠤᠢᠯ ᠤ᠋ᠨ ᠮᠠᠭᠤ ᠨᠢᠭᠦᠯ ᠬᠢᠴᠢᠬᠡᠭᠡᠳ ᠬᠠᠷᠢᠨ ᠶᠡᠬᠡ ᠰᠠᠢᠮᠰᠤᠷᠠᠵᠤ᠄《ᠠ ᠪᠢ ᠬᠡᠴᠢᠨᠡᠨ ᠪᠠᠭᠠᠲᠤᠷᠯᠢᠭ ᠪᠠᠢᠭ᠎ᠠ ᠪᠣᠢ᠂ᠲᠤᠯᠤᠯᠳᠤᠭᠠᠨ ᠬᠢᠬᠦ ᠴᠢᠳᠠᠯ ᠲᠠᠢ᠂ ᠲᠠ ᠦᠵᠡ ᠪᠢ ᠢᠯᠠᠯᠲᠠ ᠣᠯᠴᠢᠬᠠᠭᠰᠠᠨ ᠪᠢᠰᠢ ᠤᠤ !》ᠭᠡᠬᠦ ᠪᠤᠶᠤ ᠡᠰᠡᠪᠡᠯ᠄《ᠬᠠᠭᠤᠷᠴᠤ ᠮᠡᠬᠡᠯᠡᠬᠦ ᠳ᠋ᠦ᠍ ᠪᠡᠨ ᠪᠢ ᠶᠠᠭᠤᠲᠠᠢ ᠴᠢᠳᠠᠮᠠᠭᠠᠢ᠂ ᠮᠢᠨᠦ ᠶᠠᠭᠤ ᠶᠠᠭᠤ ᠮᠡᠬᠡᠯᠡᠵᠦ ᠣᠯᠤᠭᠰᠠᠨ ᠢ᠋ ᠲᠠ ᠦᠵᠡ》ᠭᠡᠬᠦ ᠂ᠡᠰᠡᠬᠦᠯ᠎ᠡ《ᠠ! ᠪᠢ ᠦᠨᠡᠬᠡᠷ ᠴᠢᠳᠠᠯᠲᠠᠢ᠂ ᠪᠢ ᠬᠡᠨ ᠬᠡᠨ ᠢ᠋ ᠬᠡᠷᠬᠢᠨ ᠮᠡᠬᠡᠯᠡᠭᠡᠳ ᠲᠣᠯᠣᠭᠠᠢ ᠶ᠋ᠢ ᠨᠢ ᠡᠷᠭᠢᠭᠦᠯᠦᠭᠡᠳ ᠲᠠᠯᠪᠢᠭᠰᠠᠨ》 ᠭᠡᠬᠦ ᠵᠡᠷᠭᠡ᠃ ᠡᠢᠮᠦ ᠵᠦᠢᠯ ᠦ᠋ᠨ ᠰᠡᠳᠬᠢᠯ ᠦ᠋ᠨ ᠬᠠᠨᠳᠤᠰᠢ ᠶ᠋ᠢ 《ᠭᠠᠵᠢᠭᠤ ᠣᠮᠣᠭ》 ᠭᠡᠨ᠎ᠡ᠃ ᠮᠠᠭᠤ ᠤᠴᠢᠷ ᠬᠢᠴᠢᠬᠡᠭᠡᠳ ᠪᠠᠰᠠ ᠥᠪᠡᠷ ᠢ᠋ ᠪᠡᠨ ᠴᠢᠳᠠᠯ ᠲᠠᠢ ᠭᠡᠵᠦ ᠦᠵᠡᠳᠡᠭ᠃
7᠂ ᠭᠤᠲᠤᠷᠠᠩᠭᠤᠢ ᠣᠮᠣᠭ— ᠪᠢ ᠠᠮᠢᠳᠤᠷᠠᠭᠠᠳ ᠶᠠᠮᠠᠷ ᠬᠡᠷᠡᠭ ᠲᠡᠢ ᠪᠣᠢ ? ᠦᠬᠦᠴᠢᠬᠡᠪᠡᠯ ᠪᠠᠷᠠᠴᠢᠬᠠᠭᠰᠠᠨ ᠬᠡᠷᠡᠭ ᠭᠡᠵᠦ ᠦᠵᠡᠬᠦ ᠵᠡᠷᠭᠡ᠃ᠡᠢᠮᠦ ᠠᠮᠢᠳᠤᠷᠠᠭᠠᠳ ᠲᠤᠩ ᠤᠢᠳᠬᠠᠷ ᠲᠠᠢ ᠰᠠᠨᠠᠭᠳᠠᠬᠤ ᠰᠡᠳᠬᠢᠯ ᠦ᠋ᠨ ᠪᠠᠢᠳᠠᠯ ᠢ᠋ ᠳᠠᠷᠤᠢ《ᠭᠤᠲᠤᠷᠠᠩᠭᠤᠢ ᠣᠮᠣᠭ》ᠭᠡᠨ᠎ᠡ᠃
ᠣᠳᠣ ᠦᠶ᠎ᠡ ᠳ᠋ᠦ᠍ ᠡᠢᠮᠦ ᠭᠤᠲᠤᠷᠠᠩᠭᠤᠢ ᠣᠮᠣᠭ ᠲᠠᠢ ᠬᠥᠮᠦᠰ ᠴᠦ᠍ ᠨᠡᠯᠢᠶᠡᠳ ᠪᠠᠢᠨ᠎ᠠ᠂ᠣᠨᠴᠠᠭᠠᠢᠯᠠᠨ ᠵᠠᠯᠠᠭᠤᠴᠤᠳ ᠤ᠋ᠨ ᠳᠤᠮᠳᠠ ᠭᠤᠲᠤᠷᠠᠩᠭᠤᠢ ᠣᠮᠣᠭ ᠲᠠᠢ ᠬᠥᠮᠦᠨ ᠠᠷᠪᠢᠨ ᠪᠠᠢᠳᠠᠭ᠃
ᠳᠡᠭᠡᠷᠡᠬᠢ ᠪᠣᠯ ᠣᠮᠣᠭ ᠤ᠋ᠨ ᠳᠣᠯᠣᠭᠠᠨ ᠵᠦᠢᠯ ᠦ᠋ᠨ ᠢᠯᠡᠷᠡᠯ ᠪᠠᠢᠳᠠᠯ ᠪᠣᠯᠤᠨ᠎ᠠ᠃

ᠠᠳᠢᠱᠠ ᠪᠣᠭᠳᠠ ᠶ᠋ᠢᠨ ᠵᠣᠬᠢᠶᠠᠭᠰᠠᠨ 《ᠲᠣᠨᠢᠯᠬᠤᠢ ᠶ᠋ᠢ ᠬᠦᠰᠡᠭᠴᠢ ᠪᠠᠭᠠᠲᠤᠷ ᠤ᠋ᠨ ᠰᠡᠳᠬᠢᠯ ᠦ᠋ᠨ ᠡᠷᠳᠡᠨᠢ》 ᠬᠡᠮᠡᠬᠦ ᠡᠴᠡ ᠪᠠᠭᠤᠯᠭᠠᠪᠠ᠃

      ᠦᠰᠦᠭ ᠢ᠋ ᠬᠢᠨᠠᠭᠴᠢ᠄ ᠮᠤᠩᠭᠤᠯᠵᠠᠶᠠᠭ᠎ᠡ