ᠬᠥᠮᠦᠨ ᠬᠡᠯᠡ ᠪᠡᠷ ᠢ᠋ᠶ᠋ᠡᠨ ᠮᠠᠯ ᠬᠥᠯ ᠢ᠋ᠶ᠋ᠡᠷ ᠢ᠋ᠶ᠋ᠡᠨХүн хэлээрээ мал хүлээрээ ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠮᠦᠨ ᠬᠡᠯᠡ ᠪᠡᠷ ᠢ᠋ᠶ᠋ᠡᠨ ᠮᠠᠯ ᠬᠥᠯ ᠢ᠋ᠶ᠋ᠡᠷ ᠢ᠋ᠶ᠋ᠡᠨХүн хэлээрээ мал хүлээрээ

ᠬᠥᠮᠦᠨ ᠬᠡᠯᠡ ᠪᠡᠷ ᠢ᠋ᠶ᠋ᠡᠨ ᠮᠠᠯ ᠬᠥᠯ ᠢ᠋ᠶ᠋ᠡᠷ ᠢ᠋ᠶ᠋ᠡᠨХүн хэлээрээ мал хүлээрээ

2025-01-13

1937

ᠬᠥᠮᠦᠨ ᠬᠡᠯᠡ ᠪᠡᠷ ᠢ᠋ᠶ᠋ᠡᠨ ᠮᠠᠯ ᠬᠥᠯ ᠢ᠋ᠶ᠋ᠡᠷ ᠢ᠋ᠶ᠋ᠡᠨ

  
       ᠮᠠᠯ ᠤ᠋ᠨ ᠲᠣᠯᠣᠭᠠᠢ ᠶ᠋ᠢᠨ ᠣᠷᠣᠢ ᠳ᠋ᠤ᠌ ᠡᠪᠡᠷ᠂ ᠬᠥᠯ ᠦ᠋ᠨ ᠠᠳᠠᠭ ᠲᠤ᠌ ᠲᠤᠭᠤᠷᠠᠢ ᠪᠠᠢᠵᠤ᠂ ᠬᠣᠶᠠᠷ ᠲᠤᠢᠯ ᠪᠣᠯᠤᠨ ᠣᠷᠣᠰᠢᠳᠠᠭ ᠴᠤ᠌ ᠨᠢᠭᠡᠨ ᠪᠡᠶ᠎ᠡ ᠶ᠋ᠢᠨ ᠡᠳ᠋ ᠡᠰ᠂ ᠡᠷᠬᠡᠲᠡᠨ ᠪᠦᠲᠦᠴᠡ ᠮᠥᠨ ᠪᠢᠯᠡ᠃ ᠲᠡᠭᠦᠨ ᠲᠡᠢ ᠠᠳᠠᠯᠢ ᠮᠣᠩᠭᠣᠯ ᠬᠥᠮᠦᠰ ᠬᠣᠭᠣᠷᠣᠨᠳᠣ ᠪᠠᠨ ᠵᠥᠷᠢᠯᠳᠦᠵᠦ᠂ ᠬᠣᠶᠠᠷ ᠲᠤᠢᠯ ᠳ᠋ᠤ᠌ ᠣᠴᠢᠨ ᠬᠣᠯᠠᠳᠠᠬᠤ ᠦᠶ᠎ᠡ ᠢᠷᠡᠬᠦ ᠴᠦ᠍ ᠨᠢᠭᠡ ᠦᠨᠳᠦᠰᠦᠲᠡᠨ ᠦ᠌ ᠡᠳ᠋ ᠡᠰ ᠦ᠋ᠨ ᠬᠤᠪᠢ ᠳ᠋ᠤ᠌ ᠨᠢᠭᠡᠳᠦᠮᠡᠯ ᠨᠢᠭᠡ ᠴᠣᠭᠴᠠ ᠮᠥᠨ ᠭᠡᠳᠡᠭ ᠢ᠋ᠶ᠋ᠡᠨ ᠤᠬᠠᠭᠠᠷᠠᠬᠤ ᠶᠣᠰᠣᠲᠠᠢ᠃ ᠡᠪᠯᠡᠭᠦᠯᠪᠡᠯ ᠮᠠᠯ ᠤ᠋ᠨ ᠬᠣᠶᠠᠷ ᠲᠤᠢᠯ ᠳ᠋ᠤ᠌ ᠪᠠᠢᠭ᠎ᠠ ᠡᠪᠡᠷ ᠲᠤᠭᠤᠷᠠᠢ ᠴᠤ᠌ ᠨᠡᠢᠯᠡᠵᠦ ᠪᠣᠯᠳᠠᠭ ᠶᠤᠮ ᠴᠢᠨᠢ ᠡᠪᠯᠡᠭᠦᠯᠪᠡᠯ ᠬᠣᠶᠠᠷ ᠲᠤᠢᠯ ᠳ᠋ᠤ᠌ ᠵᠣᠭᠰᠣᠬᠤ ᠤᠬᠠᠭᠠᠨᠲᠤ ᠬᠥᠮᠦᠰ ᠨᠡᠢᠯᠡᠵᠦ ᠯᠡ ᠲᠠᠭᠠᠷᠠᠨ᠎ᠠ᠃ ᠬᠥᠮᠦᠨ ᠬᠡᠯᠡ ᠪᠡᠷ ᠢ᠋ᠶ᠋ᠡᠨ᠂ ᠮᠠᠯ ᠬᠥᠯ ᠢ᠋ᠶ᠋ᠡᠷ ᠢ᠋ᠶ᠋ᠡᠨ ᠭᠡᠳᠡᠭ᠂ ᠬᠣᠶᠠᠷ ᠲᠤᠢᠯ ᠳ᠋ᠤ᠌ ᠬᠡᠷᠡᠭᠰᠡᠨ ᠪᠤᠬ᠎ᠠ ᠰᠢᠭ᠋ ᠰᠢᠷᠣᠢ ᠰᠠᠴᠤᠯᠠᠨ ᠤᠷᠤᠮᠳᠠᠵᠤ ᠵᠣᠭᠰᠣᠭᠠᠳ ᠡᠪᠯᠡᠨ ᠨᠡᠢᠯᠡᠨ᠎ᠡ ᠭᠡᠵᠦ ᠦᠭᠡᠢ᠃ ᠬᠣᠯᠠ ᠶ᠋ᠢᠨ ᠵᠠᠢ ᠪᠠᠨ ᠣᠢᠷᠠᠲᠤᠭᠤᠯᠵᠤ᠂ ᠬᠣᠶᠠᠷ ᠪᠠᠶᠠᠨ ᠢ᠋ᠶ᠋ᠠᠨ ᠣᠢᠯᠠᠭᠠᠯᠴᠠᠵᠤ ᠬᠡᠯᠡ ᠠᠮᠠ ᠪᠠᠨ ᠣᠯᠵᠤ᠂ ᠭᠡᠷᠡᠯᠲᠦᠨ ᠮᠠᠷᠭᠤᠯᠳᠤᠵᠤ᠂ ᠬᠡᠳᠡᠷᠯᠡᠨ ᠵᠣᠭᠰᠣᠬᠤ ᠪᠢᠰᠢ᠃ ᠬᠠᠷᠢᠨ ᠬᠡᠯᠡᠯᠴᠡᠨ ᠵᠣᠬᠢᠶᠠᠵᠤ ᠬᠡᠷᠡᠭ ᠶᠠᠪᠤᠳᠠᠯ ᠢ᠋ᠶ᠋ᠠᠨ ᠰᠢᠢᠳᠴᠦ ᠪᠠᠢᠵᠤ ᠨᠢᠭᠡᠨ ᠵᠦᠭ ᠲᠦ᠍ ᠶᠠᠪᠤᠬᠤ ᠥᠷᠭᠡᠨ ᠳᠠᠷᠳᠠᠩ ᠵᠠᠮ ᠨᠢᠭᠡᠨ ᠵᠡᠷᠭᠡ ᠭᠠᠷᠴᠤ ᠢᠷᠡᠨ᠎ᠡ᠃ ᠪᠣᠳᠠᠲᠤ ᠵᠢᠱ᠌ᠢᠶ᠎ᠡ ᠨᠢ ᠡᠨᠡ ᠡᠳᠦᠷ ᠦ᠋ᠨ ᠮᠣᠩᠭᠣᠯ《ᠬᠡᠢᠮᠣᠷᠢ ᠰᠦᠯᠵᠢᠶ᠎ᠡ》 ᠦᠰᠦᠨ ᠪᠣᠢᠵᠢᠵᠤ ᠥᠷᠭᠡᠵᠢᠨ ᠲᠡᠯᠡᠵᠦ ᠪᠠᠢᠮᠤᠢ᠃ 

  ᠢᠷᠡᠯᠲᠡ ᠄《ᠲᠢᠲᠢᠮ ᠦᠭᠡ》 ᠨᠣᠮ ᠠ᠋ᠴᠠ ᠰᠡᠢᠷᠡᠭᠦᠯᠪᠡ᠃   

      ᠦᠰᠦᠭ ᠠᠮᠢᠯᠠᠭᠤᠯᠤᠭᠰᠠᠨ ᠨᠢ ᠄ ᠴᠢ · ᠤᠷᠠᠨᠴᠡᠴᠡᠭ   
        ᠬᠢᠨᠠᠯᠲᠠ ᠄ ᠮᠣᠩᠭᠣᠯ ᠰᠦᠨᠡᠰᠦ᠂ ᠰᠡᠴᠡᠨᠴᠢᠮᠡᠭ