ᠰᠠᠷᠠᠨ᠎ᠠСараана
ᠰᠠᠷᠠᠨ᠎ᠠ
ᠲᠤᠰ ᠡᠮ ᠪᠣᠯ ᠰᠠᠷᠠᠨ᠎ᠠ ᠶ᠋ᠢᠨ ᠢᠵᠠᠭᠤᠷ ᠤ᠋ᠨ ᠤᠷᠭᠤᠮᠠᠯ ᠪᠣᠯᠬᠤ ᠴᠣᠬᠣᠷ ᠰᠠᠷᠠᠨ᠎ᠠ ᠪᠠ ᠰᠠᠷᠠᠯᠠᠩ᠂ ᠬᠡᠯᠡᠭᠡᠢ ᠰᠠᠷᠠᠨ᠎ᠠ ᠶ᠋ᠢᠨ ᠬᠠᠲᠠᠭᠠᠭᠰᠠᠨ ᠬᠠᠢᠷᠰᠤᠯᠢᠭ ᠡᠰᠢ ᠮᠥᠨ᠃ ᠪᠠᠰᠠ ᠠᠪᠢᠬᠠ ᠭᠡᠳᠡᠭ᠃
[ ᠤᠤᠯ ᠤᠷᠭᠤᠮᠠᠯ]1. ᠴᠣᠬᠣᠷ ᠰᠠᠷᠠᠨ᠎ᠠ ᠣᠯᠠᠨ ᠨᠠᠰᠤᠲᠤ ᠡᠪᠡᠰᠦᠯᠢᠭ ᠤᠷᠭᠤᠮᠠᠯ᠃1-1.5m ᠥᠨᠳᠥᠷ᠂ ᠬᠠᠢᠷᠰᠤᠯᠢᠭ ᠡᠰᠢ ᠨᠢ ᠥᠨᠳᠡᠭᠡᠯᠵᠢᠨ ᠬᠠᠪᠲᠠᠭᠠᠢ ᠪᠥᠮᠪᠦᠭᠡᠨ ᠬᠡᠯᠪᠡᠷᠢ ᠲᠡᠢ᠂4-7cm ᠥᠨᠳᠥᠷ᠂ ᠳ᠋ᠢᠶᠠᠮᠧᠲ᠋ᠷ ᠨᠢ5-8cm᠃ ᠡᠰᠢ ᠨᠢ ᠰᠢᠯᠤᠭᠤᠨ᠂ ᠭᠦᠢᠬᠡᠨ ᠪᠣᠷᠣ ᠥᠩᠭᠡ ᠲᠡᠢ᠂ ᠴᠠᠭᠠᠨ ᠬᠥᠪᠥᠩ ᠦᠰᠦ ᠲᠡᠢ᠃ ᠨᠠᠪᠴᠢ ᠨᠢ ᠴᠤᠪᠤᠷᠠᠨ ᠤᠷᠭᠤᠨ᠎ᠠ᠂ ᠪᠠᠷᠢᠭᠤᠯ ᠦᠭᠡᠢ᠃ ᠨᠠᠪᠴᠢᠨ ᠢᠯᠲᠠᠰᠤ ᠨᠢ ᠬᠠᠪᠲᠠᠭᠠᠢ ᠲᠡᠪᠡᠨᠡ ᠪᠤᠶᠤ ᠪᠦᠰᠡᠯᠢᠭ ᠬᠠᠪᠲᠠᠭᠠᠢ ᠲᠡᠪᠡᠨᠡ ᠬᠡᠯᠪᠡᠷᠢ ᠲᠡᠢ᠂5-20cm ᠤᠷᠲᠤ᠂0.5-2cm ᠥᠷᠭᠡᠨ᠃3-6 ᠬᠦᠢᠰ ᠪᠤᠶᠤ ᠨᠡᠩ ᠣᠯᠠᠨ ᠵᠦᠷᠵᠢᠨ ᠤᠯᠠᠭᠠᠨ ᠴᠡᠴᠡᠭ ᠲᠡᠢ᠃ ᠡᠰᠢᠨ ᠦ᠌ ᠣᠷᠣᠢ ᠣᠷᠴᠢᠮ ᠤᠨᠵᠢᠢᠵᠤ ᠤᠷᠭᠤᠨ᠎ᠠ᠃ ᠴᠡᠴᠡᠭ ᠦ᠋ᠨ ᠴᠣᠮᠣᠷᠯᠢᠭ ᠳᠡᠭᠡᠷ᠎ᠡ ᠨᠢ ᠴᠠᠭᠠᠨ ᠬᠥᠪᠥᠩ ᠦᠰᠦ ᠲᠡᠢ᠂ ᠴᠡᠴᠡᠭ ᠦ᠋ᠨ ᠰᠢᠳᠠᠷ ᠨᠢ6᠂ ᠠᠷᠤᠨᠰᠢ ᠮᠠᠲᠠᠷᠢᠨ᠎ᠠ᠃ ᠲᠣᠭᠣᠰᠣᠪᠴᠢ ᠨᠢ ᠪᠣᠷᠣ ᠥᠩᠭᠡ ᠲᠡᠢ᠂ ᠳᠡᠭᠡᠷ᠎ᠡ ᠨᠢ ᠪᠣᠷᠣᠪᠲᠤᠷ ᠬᠠᠷ᠎ᠠ ᠲᠣᠯᠪᠣ ᠲᠠᠢ᠃6 ᠡᠷ᠎ᠡ ᠲᠣᠭᠣᠷᠴᠣᠭ ᠲᠠᠢ᠂ ᠴᠡᠴᠡᠭ ᠦ᠋ᠨ ᠰᠢᠳᠠᠷ ᠠ᠋ᠴᠠ ᠪᠠᠨ ᠣᠬᠣᠷ᠃ ᠤᠮᠠᠢ ᠨᠢ1.5cm ᠣᠷᠴᠢᠮ ᠤᠷᠲᠤ᠂ ᠪᠠᠭᠠᠨ᠎ᠠ ᠶ᠋ᠢᠨ ᠠᠮᠠᠰᠠᠷ ᠨᠢ3 ᠣᠨᠢ ᠲᠠᠢ᠃ ᠬᠣᠩᠭᠣᠷᠴᠣᠭᠲᠤ ᠵᠢᠮᠢᠰ ᠨᠢ ᠤᠷᠲᠤᠯᠵᠢᠨ ᠲᠣᠭᠣᠷᠢᠭ ᠠ᠋ᠴᠠ ᠲᠣᠩᠭᠣᠷᠤᠤ ᠥᠨᠳᠡᠭᠡᠯᠵᠢᠨ ᠬᠡᠯᠪᠡᠷᠢ ᠲᠡᠢ᠂3-4cm ᠤᠷᠲᠤ᠃ ᠣᠯᠠᠨ ᠦᠶ᠎ᠡ ᠲᠡᠢ᠃6-7 ᠳ᠋ᠤᠭᠠᠷ ᠰᠠᠷ᠎ᠠ ᠳ᠋ᠤ᠌ ᠴᠡᠴᠡᠭᠯᠡᠵᠦ᠂8-10 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
2. ᠰᠠᠷᠠᠯᠠᠩ ᠣᠯᠠᠨ ᠨᠠᠰᠤᠲᠤ ᠡᠪᠡᠰᠦᠯᠢᠭ ᠤᠷᠭᠤᠮᠠᠯ᠃20-60cm ᠥᠨᠳᠥᠷ᠂ ᠬᠠᠢᠷᠰᠤᠯᠢᠭ ᠡᠰᠢ ᠨᠢ ᠥᠷᠭᠡᠨ ᠵᠤᠤᠪᠠᠩ ᠬᠡᠯᠪᠡᠷᠢ ᠲᠡᠢ᠂2.5-4cm ᠤᠷᠲᠤ᠂ ᠳ᠋ᠢᠶᠠᠮᠧᠲ᠋ᠷ ᠨᠢ1.5-3cm᠃ ᠡᠰᠢ ᠨᠢ ᠨᠠᠷᠢᠨ᠂ ᠪᠥᠭᠡᠷᠡᠩᠬᠡᠢ ᠪᠠᠭᠠᠨ᠎ᠠ ᠬᠡᠯᠪᠡᠷᠢ ᠲᠡᠢ᠂ ᠨᠣᠭᠣᠭᠠᠨ ᠥᠩᠭᠡ ᠲᠡᠢ᠃3-4 ᠮᠥᠷ ᠨᠠᠪᠴᠢ ᠴᠤᠪᠤᠷᠠᠨ ᠤᠷᠭᠤᠨ᠎ᠠ᠂ ᠪᠠᠷᠢᠭᠤᠯ ᠦᠭᠡᠢ᠃ ᠨᠠᠪᠴᠢᠨ ᠢᠯᠲᠠᠰᠤ ᠨᠢ ᠨᠠᠷᠢᠨ ᠪᠦᠰᠡ ᠬᠡᠯᠪᠡᠷᠢ ᠲᠡᠢ᠂3-14cm ᠤᠷᠲᠤ᠂1-3cm ᠥᠷᠭᠡᠨ᠂ ᠱᠣᠪᠣᠭᠣᠷ ᠦᠵᠦᠭᠦᠷ ᠱᠣᠪᠲᠣᠭᠣᠷ ᠤᠭ ᠲᠠᠢ᠃ ᠴᠡᠴᠡᠭ ᠨᠢ ᠡᠰᠢᠨ ᠦ᠌ ᠣᠷᠣᠢ ᠳ᠋ᠤ᠌ ᠭᠠᠭᠴᠠᠭᠠᠷ ᠳᠡᠯᠭᠡᠷᠡᠬᠦ ᠪᠤᠶᠤ ᠡᠰᠢᠨ ᠦ᠌ ᠣᠷᠣᠢ ᠳ᠋ᠠᠬᠢ ᠨᠠᠪᠴᠢᠨ ᠰᠤᠭᠤ ᠠ᠋ᠴᠠ ᠲᠤᠰ ᠪᠦᠷᠢ1 ᠬᠦᠢᠰ ᠳᠡᠯᠭᠡᠷᠡᠵᠦ᠂ ᠴᠠᠴᠤᠭ ᠬᠡᠯᠪᠡᠷᠢᠲᠦ ᠪᠠᠭ ᠴᠡᠴᠡᠭ ᠪᠣᠯᠵᠤ ᠤᠨᠵᠢᠢᠨ᠎ᠠ᠃ ᠴᠡᠴᠡᠭ ᠦ᠋ᠨ ᠪᠠᠷᠢᠭᠤᠯ ᠨᠢ ᠲᠤᠷᠤᠭ ᠪᠦᠳᠦᠭᠦᠨ᠂6cm ᠣᠷᠴᠢᠮ ᠤᠷᠲᠤ᠃ ᠴᠡᠴᠡᠭ ᠨᠢ6 ᠰᠢᠳᠠᠷ ᠲᠠᠢ᠂ ᠤᠯᠠᠭᠠᠨ ᠥᠩᠭᠡ ᠲᠡᠢ᠃ ᠠᠷᠤᠨᠰᠢ ᠮᠠᠲᠠᠷᠢᠨ᠎ᠠ᠃6 ᠡᠷ᠎ᠡ ᠲᠣᠭᠣᠷᠴᠣᠭ ᠨᠢ ᠴᠡᠴᠡᠭ ᠦ᠋ᠨ ᠰᠢᠳᠠᠷ ᠠ᠋ᠴᠠ ᠪᠠᠨ ᠪᠣᠭᠣᠨᠢ᠃1 ᠡᠮ᠎ᠡ ᠲᠣᠭᠣᠷᠴᠣᠭ ᠲᠠᠢ᠃ ᠤᠮᠠᠢ ᠨᠢ ᠨᠠᠷᠢᠨ ᠤᠷᠲᠤ᠂ ᠦᠵᠦᠭᠦᠷ ᠨᠢ ᠲᠡᠭᠰᠢᠬᠡᠨ᠂ ᠴᠡᠴᠡᠭ ᠦ᠋ᠨ ᠪᠠᠭᠠᠨ᠎ᠠ ᠨᠢ ᠨᠠᠷᠢᠨ ᠤᠷᠲᠤ᠂ ᠦᠵᠦᠭᠦᠷ ᠨᠢ ᠰᠠᠷᠪᠠᠭᠠᠷ᠂ ᠪᠠᠭᠠᠨ᠎ᠠ ᠶ᠋ᠢᠨ ᠠᠮᠠᠰᠠᠷ ᠨᠢ ᠭᠦᠢᠬᠡᠨ ᠣᠨᠢ ᠲᠠᠢ᠃ ᠬᠣᠩᠭᠣᠷᠴᠣᠭᠲᠤ ᠵᠢᠮᠢᠰ ᠨᠢ ᠵᠤᠤᠪᠠᠩ ᠬᠡᠯᠪᠡᠷᠢ ᠲᠡᠢ᠂2-3cm ᠤᠷᠲᠤ᠃6-8 ᠳ᠋ᠤᠭᠠᠷ ᠰᠠᠷ᠎ᠠ ᠳ᠋ᠤ᠌ ᠴᠡᠴᠡᠭᠯᠡᠵᠦ᠂8-9 ᠰᠠᠷ᠎ᠠ ᠳ᠋ᠤ᠌ ᠵᠢᠮᠢᠰᠯᠡᠨ᠎ᠡ᠃
3. ᠬᠡᠯᠡᠭᠡᠢ ᠰᠠᠷᠠᠨ᠎ᠠ ᠣᠯᠠᠨ ᠨᠠᠰᠤᠲᠤ ᠡᠪᠡᠰᠦᠯᠢᠭ ᠤᠷᠭᠤᠮᠠᠯ᠃70-150cm ᠥᠨᠳᠥᠷ᠂ ᠡᠰᠢᠨ ᠳᠡᠭᠡᠷ᠎ᠡ ᠨᠢ ᠪᠣᠷᠣ ᠥᠩᠭᠡ ᠲᠡᠢ ᠵᠢᠷᠤᠭᠠᠰᠤ ᠠᠷᠲᠠᠢ᠂ ᠦᠰᠦ ᠦᠭᠡᠢ᠃ ᠬᠠᠢᠷᠰᠤᠯᠢᠭ ᠡᠰᠢ ᠨᠢ ᠪᠥᠮᠪᠦᠭᠡᠨ ᠬᠡᠯᠪᠡᠷᠢ ᠲᠡᠢ᠂ ᠳ᠋ᠢᠶᠠᠮᠧᠲ᠋ᠷ ᠨᠢ ᠪᠠᠷᠤᠭ5cm᠂ ᠬᠠᠢᠷᠰᠤᠯᠢᠭ ᠬᠡᠯᠲᠡᠰ ᠨᠢ ᠳᠡᠯᠪᠡᠭᠡᠷ᠂ ᠦᠶ᠎ᠡ ᠦᠭᠡᠢ᠂ ᠴᠠᠭᠠᠨ ᠥᠩᠭᠡ ᠲᠡᠢ᠃ ᠨᠠᠪᠴᠢ ᠨᠢ ᠲᠠᠷᠠᠬᠠᠢ᠂ ᠪᠣᠭᠣᠨᠢ ᠪᠠᠷᠢᠭᠤᠯ ᠲᠠᠢ᠃ ᠳᠡᠭᠡᠳᠦ ᠬᠡᠰᠡᠭ ᠦ᠋ᠨ ᠨᠠᠪᠴᠢ ᠨᠢ ᠳᠤᠮᠳᠠ ᠬᠡᠰᠡᠭ ᠦ᠋ᠨ ᠨᠠᠪᠴᠢ ᠠ᠋ᠴᠠ ᠪᠠᠨ ᠵᠢᠵᠢᠭ᠂ ᠨᠠᠪᠴᠢᠨ ᠢᠯᠲᠠᠰᠤ ᠨᠢ ᠲᠣᠩᠭᠣᠷᠤᠤ ᠬᠠᠪᠲᠠᠭᠠᠢ ᠲᠡᠪᠡᠨᠡ ᠡᠴᠡ ᠲᠣᠩᠭᠣᠷᠤᠤ ᠥᠨᠳᠡᠭᠡᠯᠵᠢᠨ ᠬᠡᠯᠪᠡᠷᠢ ᠲᠡᠢ᠂ ᠤᠷᠲᠤ ᠨᠢ7-10cm᠂ ᠥᠷᠭᠡᠨ ᠨᠢ2-3cm᠂ ᠦᠵᠦᠭᠦᠷ ᠨᠢ ᠬᠤᠷᠴᠠ ᠱᠣᠪᠬᠣ᠂ ᠤᠭ ᠨᠢ ᠬᠠᠵᠠᠭᠠᠢ ᠢᠪᠴᠤᠤ᠂ ᠪᠦᠲᠦᠨ ᠬᠥᠪᠡᠭᠡ ᠲᠡᠢ᠂ ᠦᠰᠦ ᠦᠭᠡᠢ᠂3-5 ᠵᠤᠷᠪᠤᠰ ᠰᠤᠳᠠᠯ ᠲᠠᠢ᠃ ᠴᠡᠴᠡᠭ ᠨᠢ1-4 ᠬᠦᠢᠰ᠂ ᠯᠠᠪᠠᠷ ᠬᠡᠯᠪᠡᠷᠢ ᠲᠡᠢ᠂ ᠠᠩᠬᠢᠯᠤᠮ᠎ᠠ ᠦᠨᠦᠷ ᠲᠡᠢ᠃ ᠴᠡᠴᠡᠭ ᠦ᠋ᠨ ᠰᠢᠳᠠᠷ ᠢᠯᠲᠠᠰᠤ ᠨᠢ6᠂ ᠲᠣᠩᠭᠣᠷᠤᠤ ᠥᠨᠳᠡᠭᠡᠯᠵᠢᠨ ᠬᠡᠯᠪᠡᠷᠢ ᠲᠡᠢ᠂15-20cm ᠤᠷᠲᠤ᠂3-4.5cm ᠥᠷᠭᠡᠨ᠂ ᠣᠯᠠᠩᠬᠢ ᠨᠢ ᠴᠠᠭᠠᠨ ᠥᠩᠭᠡ ᠲᠡᠢ᠂ ᠠᠷᠤ ᠳ᠋ᠤᠨᠢ ᠪᠣᠷᠣᠪᠲᠤᠷ ᠬᠦᠷᠢᠨ ᠲᠤᠶᠠᠭ᠎ᠠ ᠲᠠᠢ᠂ ᠲᠣᠯᠪᠣ ᠦᠭᠡᠢ᠂ ᠦᠵᠦᠭᠦᠷ ᠨᠢ ᠮᠤᠷᠤᠢ ᠮᠥᠷᠲᠡᠭᠡᠨ ᠮᠠᠲᠠᠷᠢᠬᠤ ᠦᠭᠡᠢ᠂ ᠪᠠᠯ ᠤ᠋ᠨ ᠪᠤᠯᠴᠢᠷᠬᠠᠢ ᠶ᠋ᠢᠨ ᠬᠣᠶᠠᠷ ᠬᠠᠵᠠᠭᠤ ᠳ᠋ᠤᠨᠢ ᠵᠢᠵᠢᠭ ᠬᠥᠬᠥᠨᠴᠢᠷ ᠳᠣᠪᠣᠭᠣᠷ ᠲᠠᠢ᠂6 ᠡᠷ᠎ᠡ ᠲᠣᠭᠣᠷᠴᠣᠭ ᠲᠠᠢ᠂ ᠪᠥᠭᠲᠥᠷ᠃ ᠳᠣᠬᠢᠭᠤᠷ ᠨᠢ9.5-10cm ᠤᠷᠲᠤ᠂ ᠵᠥᠭᠡᠯᠡᠨ ᠦᠰᠦ ᠲᠡᠢ᠃ ᠲᠣᠭᠣᠰᠣᠪᠴᠢ ᠨᠢ ᠵᠤᠤᠪᠠᠩ ᠬᠡᠯᠪᠡᠷᠢ ᠲᠡᠢ᠂ ᠠᠴᠠᠯᠠᠵᠤ ᠲᠣᠭᠲᠠᠨ᠎ᠠ᠃ ᠴᠡᠴᠡᠭ ᠦ᠋ᠨ ᠲᠣᠭᠣᠰᠣ ᠨᠢ ᠬᠦᠷᠢᠨ ᠤᠯᠠᠭᠠᠨ ᠥᠩᠭᠡ ᠲᠡᠢ᠃ ᠤᠮᠠᠢ ᠨᠢ ᠤᠷᠲᠤ ᠪᠠᠭᠠᠨ᠎ᠠ ᠬᠡᠯᠪᠡᠷᠢ ᠲᠡᠢ᠂ ᠤᠷᠲᠤ ᠨᠢ ᠪᠠᠷᠤᠭ3.5cm᠂ ᠴᠡᠴᠡᠭ ᠦ᠋ᠨ ᠪᠠᠭᠠᠨ᠎ᠠ ᠶ᠋ᠢᠨ ᠤᠷᠲᠤ ᠨᠢ11cm᠂ ᠦᠰᠦ ᠦᠭᠡᠢ᠂ ᠴᠡᠴᠡᠭ ᠦ᠋ᠨ ᠪᠠᠭᠠᠨ᠎ᠠ ᠶ᠋ᠢᠨ ᠠᠮᠠᠰᠠᠷ ᠨᠢ ᠭᠤᠷᠪᠠᠨ ᠣᠨᠢ ᠲᠠᠢ᠃ ᠬᠣᠩᠭᠣᠷᠴᠣᠭᠲᠤ ᠵᠢᠮᠢᠰ ᠨᠢ ᠤᠷᠲᠤᠯᠵᠢᠨ ᠲᠣᠭᠣᠷᠢᠭ ᠬᠡᠯᠪᠡᠷᠢ ᠲᠡᠢ᠂ ᠤᠷᠲᠤ ᠨᠢ ᠪᠠᠷᠤᠭ5cm᠂ ᠥᠷᠭᠡᠨ ᠨᠢ ᠪᠠᠷᠤᠭ3cm᠂ ᠢᠷᠮᠡᠭ ᠲᠡᠢ᠃ ᠣᠯᠠᠨ ᠦᠷ᠎ᠡ ᠲᠡᠢ᠂6-9 ᠳ᠋ᠦ᠍ᠭᠡᠷ ᠰᠠᠷ᠎ᠠ ᠳ᠋ᠤ᠌ ᠴᠡᠴᠡᠭᠯᠡᠵᠦ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠴᠣᠬᠣᠷ ᠰᠠᠷᠠᠨ᠎ᠠ ᠪᠣᠯ ᠣᠢ ᠶ᠋ᠢᠨ ᠬᠥᠪᠡᠭᠡ᠂ ᠵᠠᠮ ᠤ᠋ᠨ ᠬᠠᠵᠠᠭᠤ᠂ ᠠᠭᠤᠯᠠᠨ ᠬᠠᠵᠠᠭᠤ ᠶ᠋ᠢᠨ ᠡᠪᠡᠰᠦᠨ ᠳᠤᠮᠳᠠ ᠤᠷᠭᠤᠨ᠎ᠠ᠃ ᠡᠯ᠎ᠡ ᠭᠠᠵᠠᠷ ᠲᠤ ᠲᠠᠷᠢᠵᠤ ᠪᠣᠢ᠃ ᠾᠧᠪᠧᠢ ᠾᠧᠨᠠᠨ᠂ ᠱᠠᠨᠰᠢ᠂ ᠭᠠᠨᠰᠦ᠂ ᠱᠠᠨ ᠰᠢ᠂ ᠬᠥᠬᠡᠨᠠᠭᠤᠷ᠂ ᠱᠠᠨᠳᠦ᠋ᠩ᠂ ᠵᠢᠶᠠᠩᠰᠦ᠂ ᠠᠨᠾᠦᠢ᠂ ᠵᠧᠵᠢᠶᠠᠩ᠃ ᠵᠢᠶᠠᠩᠰᠢ᠂ ᠬᠤᠪᠧᠢ᠂ ᠬᠤᠨᠠᠨ᠂ ᠭᠤᠸᠠᠩᠰᠢ᠂ ᠰᠧᠴᠤᠸᠠᠨ ᠳ᠋ᠤ᠌ ᠲᠠᠷᠬᠠᠴᠠ ᠲᠠᠢ᠃ ᠰᠠᠷᠠᠯᠠᠩ ᠪᠣᠯ ᠠᠭᠤᠯᠠ ᠶ᠋ᠢᠨ ᠡᠭᠡᠪᠦᠷ ᠬᠠᠵᠠᠭᠤ ᠪᠠᠷ ᠤᠷᠭᠤᠨ᠎ᠠ᠃ ᠵᠡᠭᠦᠨ ᠬᠣᠢᠲᠤ ᠣᠷᠣᠨ᠂ ᠤᠮᠠᠷᠠᠲᠤ ᠣᠷᠣᠨ ᠪᠠ ᠾᠧᠨᠠᠨ᠂ ᠱᠠᠨᠰᠢ᠂ ᠭᠠᠨᠰᠦ᠂ ᠬᠥᠬᠡᠨᠠᠭᠤᠷ᠂ ᠱᠠᠨᠳᠦ᠋ᠩ ᠳ᠋ᠦ᠍ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠨᠠᠮᠤᠷ ᠮᠠᠯᠲᠠᠨ ᠠᠪᠴᠤ᠂ ᠠᠷᠢᠯᠭᠠᠨ ᠴᠡᠪᠡᠷᠯᠡᠭᠡᠳ ᠪᠤᠴᠠᠯᠤᠮ᠎ᠠ ᠤᠰᠤ ᠪᠠᠷ ᠲᠡᠩᠨᠡᠵᠦ ᠭᠠᠷᠭᠠᠭᠠᠳ ᠬᠠᠭᠰᠠᠭᠠᠬᠤ ᠪᠤᠶᠤ ᠨᠠᠷᠠᠨ ᠳ᠋ᠤ᠌ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠠᠮᠲᠠᠯᠢᠭ᠂ ᠪᠠᠭ᠎ᠠ ᠭᠠᠰᠢᠭᠤᠨ ᠠᠮᠲᠠ ᠲᠠᠢ᠂ ᠰᠡᠷᠢᠭᠦᠨ ᠴᠢᠨᠠᠷ ᠲᠠᠢ᠂ ᠬᠥᠩᠭᠡᠨ᠂ ᠮᠣᠬᠣᠳᠠᠭ᠂ ᠬᠠᠭᠤᠷᠠᠢ᠂ ᠰᠢᠷᠦᠭᠦᠨ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠬᠠᠯᠠᠭᠤᠨ ᠢ᠋ ᠠᠷᠢᠯᠭᠠᠬᠤ᠂ ᠬᠣᠣᠷ ᠢ᠋ ᠲᠠᠢᠯᠬᠤ᠂ ᠶᠠᠰᠤ ᠶ᠋ᠢ ᠪᠠᠷᠢᠯᠳᠤᠭᠤᠯᠬᠤ᠂ ᠰᠢᠷᠬ᠎ᠠ ᠶ᠋ᠢ ᠠᠨᠠᠭᠠᠬᠤ᠂ ᠴᠢᠰᠤ ᠶ᠋ᠢ ᠵᠣᠭᠰᠣᠭᠠᠬᠤ᠂ ᠰᠢᠷ᠎ᠠ ᠤᠰᠤ ᠶ᠋ᠢ ᠠᠷᠢᠯᠭᠠᠬᠤ᠂ ᠬᠠᠨᠢᠶᠠᠬᠤ ᠶ᠋ᠢ ᠵᠣᠭᠰᠣᠭᠠᠬᠤ ᠴᠢᠳᠠᠯ ᠲᠠᠢ᠃ ᠭᠣᠣᠯᠳᠠᠭᠤ ᠬᠣᠣᠷ ᠤ᠋ᠨ ᠬᠠᠯᠠᠭᠤᠨ᠂ ᠭᠠᠳᠠᠷ ᠰᠢᠷᠬ᠎ᠠ᠂ ᠶᠠᠰᠤ ᠪᠡᠷᠲᠡᠭᠰᠡᠨ᠂ ᠠᠭᠤᠰᠬᠢᠨ ᠤ᠋ ᠬᠠᠯᠠᠭᠤᠨ᠂ ᠠᠭᠤᠰᠬᠢᠨ ᠤ᠋ ᠪᠣᠷᠣ᠂ ᠰᠠᠷ᠎ᠠ ᠶ᠋ᠢᠨ ᠭ᠌ᠬᠢᠷ ᠴᠤᠪᠤᠷᠠᠬᠤ᠂ ᠬᠠᠭᠤᠴᠢᠷᠠᠭᠰᠠᠨ ᠬᠠᠯᠠᠭᠤᠨ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄百合,有斑百合,细叶百合,
ᠠᠩᠭ᠌ᠯᠢ ᠨᠡᠷ᠎ᠡ᠄1.Lilium lancifolium Thurb.
2.Lilium Pumilum DC.
3.Lilium brownii F. E. Brown ex Miellex Viridulum Baker
ᠦᠰᠦᠭ ᠠᠮᠢᠯᠠᠭᠤᠯᠤᠭᠴᠢ᠄ ᠴᠡᠪᠡᠷᠴᠡᠴᠭ
ᠬᠢᠨᠠᠭᠴᠢ᠄ ᠲᠤᠶᠠᠭ᠎ᠠ
