ᠠᠮᠧᠷᠢᠺᠠ ᠶ᠋ᠢᠨ ᠨᠢᠭᠡᠨ ᠵᠠᠯᠠᠭᠤ ᠪᠠᠢᠯᠳᠤᠭᠴᠢ ᠪᠠᠢᠯᠳᠤᠭᠠᠨ ᠤ᠋ ᠳᠠᠷᠠᠭ᠎ᠠ ᠭᠡᠷ ᠲᠦ᠍ ᠪᠡᠨ ᠬᠠᠷᠢᠬᠤ ᠪᠣᠯᠪᠠ᠃ ᠲᠡᠭᠡᠭᠡᠳ ᠬᠠᠭᠠᠰ ᠵᠠᠮ ᠳ᠋ᠤ᠌ ᠪᠠᠨ ᠭᠡᠷ ᠲᠦ᠍ ᠪᠡᠨ ᠤᠲᠠᠰᠤ ᠠᠪᠴᠤ᠄《ᠠᠪᠤ ᠠ᠋ ᠡᠵᠢ ᠠ᠋᠂ ᠪᠢ ᠣᠳᠣ ᠭᠡᠷ ᠲᠦ᠍ ᠪᠡᠨ ᠬᠠᠷᠢᠬᠤ ᠭᠡᠵᠦ ᠪᠠᠢᠨ᠎ᠠ᠃ ᠪᠢ ᠬᠠᠷᠢᠬᠤ ᠳ᠋ᠤ᠌ ᠪᠠᠨ ᠨᠢᠭᠡ ᠨᠠᠢᠵᠠ ᠪᠠᠨ ᠳᠠᠭᠠᠭᠤᠯᠤᠨ ᠶᠠᠪᠤᠵᠤ ᠪᠣᠯᠤᠨ᠎ᠠ ᠤᠤ?》 ᠭᠡᠬᠦ ᠳ᠋ᠦ᠍ ᠠᠪᠤ ᠡᠵᠢ ᠨᠢ᠄《ᠪᠣᠯᠤᠯ ᠦᠭᠡᠢ ᠶᠠᠭᠠᠬᠢᠬᠤᠪ》 ᠭᠡᠪᠡ᠃ ᠲᠡᠭᠡᠬᠦ ᠳ᠋ᠦ᠍ ᠬᠦᠦ ᠨᠢ ᠵᠠᠯᠭᠠᠭᠠᠳ᠄《ᠲᠡᠷᠡ ᠪᠠᠢᠯᠳᠤᠭᠠᠨ ᠳ᠋ᠤ᠌ ᠬᠦᠨᠳᠦ ᠰᠢᠷᠠᠭᠳᠤᠵᠤ ᠲᠠᠬᠢᠷ ᠳᠣᠭᠣᠯᠠᠩ ᠪᠣᠯᠵᠠᠢ᠃ ᠲᠡᠷᠡ ᠣᠳᠣ ᠣᠷᠣᠬᠤ ᠭᠡᠷ ᠣᠭᠣᠴᠢᠬᠤ ᠠᠶᠠᠭ᠎ᠠ ᠦᠭᠡᠢ ᠪᠣᠯᠤᠭᠰᠠᠨ᠃ ᠪᠢ ᠡᠨᠡ ᠨᠠᠢᠵᠠ ᠪᠠᠨ ᠭᠡᠷ ᠲᠦ᠍ ᠪᠡᠨ ᠠᠪᠠᠴᠢᠬᠤ ᠰᠠᠨᠠᠭ᠎ᠠ ᠲᠠᠢ》 ᠭᠡᠵᠡᠢ᠃ ᠡᠨᠡ ᠦᠶᠡᠰ ᠠᠪᠤ ᠡᠵᠢ ᠨᠢ《ᠡᠨᠡ ᠬᠡᠦᠬᠡᠳ ᠦ᠋ᠨ ᠤᠴᠠᠷᠠᠯ ᠲᠤᠩ ᠴᠦ᠍ ᠭᠤᠨᠢᠭᠲᠠᠢ ᠪᠠᠢᠨ᠎ᠠ᠂ ᠭᠡᠬᠦ ᠳ᠋ᠡᠭᠡᠨ ᠲᠡᠭᠦᠨ ᠳ᠋ᠦ᠍ ᠥᠭᠡᠷ᠎ᠡ ᠭᠠᠵᠠᠷ ᠬᠠᠩᠭᠠᠵᠤ ᠥᠭᠪᠡᠯ ᠶᠠᠮᠠᠷ ᠵᠡᠷᠭᠡ ᠪᠣᠢ?》 ᠭᠡᠬᠦ ᠳ᠋ᠦ᠍ ᠬᠦᠦ ᠨᠢ ᠨᠠᠢᠵᠠ ᠪᠠᠨ ᠭᠡᠷ ᠲᠤ ᠪᠡᠨ ᠠᠪᠠᠴᠢᠵᠤ ᠴᠣᠭ ᠠᠮᠢᠳᠤᠷᠠᠬᠤ ᠭᠡᠰᠡᠨ ᠰᠠᠨᠠᠭ᠎ᠠ ᠪᠠᠨ ᠪᠠᠷᠢᠮᠲᠠᠯᠠᠭᠠᠳ ᠪᠠᠢᠬᠤ ᠳ᠋ᠤ᠌ ᠠᠪᠤ ᠨᠢ᠄《ᠬᠦᠦ ᠮᠢᠨᠢ᠂ ᠴᠢ ᠥᠪᠡᠷ ᠦ᠋ᠨ ᠶᠠᠭᠤ ᠬᠡᠯᠡᠵᠦ ᠪᠠᠢᠬᠤ ᠪᠠᠨ ᠮᠡᠳᠡᠵᠦ ᠪᠠᠢᠨ᠎ᠠ ᠤᠤ? ᠲᠡᠢᠮᠦ ᠨᠢᠭᠡ ᠵᠡᠮᠳᠡᠭ ᠬᠥᠮᠦᠨ ᠢ᠋ ᠭᠡᠷ ᠲᠦ᠍ ᠪᠡᠨ ᠠᠪᠴᠢᠷᠠᠪᠠᠯ ᠮᠠᠨ ᠤ᠋ ᠠᠮᠢᠳᠤᠷᠠᠯ ᠳ᠋ᠤ᠌ ᠬᠦᠨᠳᠦ ᠳᠠᠷᠤᠭᠠᠰᠤ ᠪᠣᠯᠤᠨ᠎ᠠ᠃ ᠴᠢ ᠬᠤᠷᠳᠤᠨ ᠭᠠᠭᠴᠠᠭᠠᠷ ᠢ᠋ᠶ᠋ᠠᠨ ᠬᠠᠷᠢᠭᠠᠳ ᠢᠷᠡᠴᠢᠬᠡ᠂ ᠲᠡᠷᠡ ᠨᠠᠢᠵᠠ ᠴᠢᠨᠢ ᠯᠠᠪᠲᠠᠢ ᠥᠭᠡᠷ᠎ᠡ ᠠᠮᠢᠳᠤᠷᠠᠬᠤ ᠠᠷᠭ᠎ᠠ ᠵᠠᠮ ᠣᠯᠬᠤ ᠪᠠᠢᠯᠭᠦᠢ》 ᠭᠡᠵᠦ ᠬᠡᠯᠡᠬᠦ ᠲᠡᠢ ᠵᠡᠷᠭᠡ ᠬᠦᠦ ᠨᠢ ᠤᠲᠠᠰᠤ ᠪᠠᠨ ᠳᠠᠷᠤᠭᠰᠠᠨ ᠭᠡᠨ᠎ᠡ᠃ ᠬᠡᠳᠦᠨ ᠡᠳᠦᠷ ᠦ᠋ᠨ ᠳᠠᠷᠠᠭ᠎ᠠ ᠠᠪᠤ ᠡᠵᠢ ᠨᠢ ᠴᠠᠭᠳᠠᠭᠠᠨ ᠲᠣᠪᠴᠢᠶᠠᠨ ᠤ᠋ ᠤᠲᠠᠰᠤ ᠶ᠋ᠢ ᠲᠣᠰᠴᠤ ᠬᠦᠦ ᠨᠢ ᠠᠰᠠᠷ ᠠ᠋ᠴᠠ ᠦᠰᠦᠷᠴᠦ ᠪᠡᠶ᠎ᠡ ᠪᠡᠨ ᠬᠣᠣᠷᠯᠠᠭᠰᠠᠨ ᠴᠢᠮᠡᠭᠡ ᠶ᠋ᠢ ᠳᠤᠭᠤᠯᠳᠠᠵᠠᠢ᠃ ᠰᠡᠳᠬᠢᠯ ᠦ᠋ᠨ ᠰᠢᠨᠠᠯᠤᠯ ᠳ᠋ᠤ᠌ ᠤᠨᠠᠭᠰᠠᠨ ᠠᠪᠤ ᠡᠵᠢ ᠨᠢ ᠲᠤᠬᠠᠢ ᠶ᠋ᠢᠨ ᠭᠠᠵᠠᠷ ᠲᠤ ᠣᠴᠢᠭᠠᠳ ᠶᠡᠬᠡ ᠰᠣᠴᠢᠨ ᠭᠠᠢᠬᠠᠭᠰᠠᠨ ᠨᠢ ᠲᠡᠳᠡᠨ ᠦ᠌ ᠬᠦᠦ ᠨᠢ ᠬᠠᠷᠢᠨ ᠨᠢᠭᠡ ᠭᠠᠷ ᠬᠥᠯ ᠢ᠋ᠶ᠋ᠡᠨ ᠠᠯᠳᠠᠭᠰᠠᠨ ᠪᠠᠢᠯ᠎ᠠ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ