ᠴᠢᠨᠦ ᠡᠵᠡᠭᠦᠢ ᠨᠠᠭᠠᠳᠤᠮ - ᠱ ᠂ ᠭᠦᠷᠦᠪᠠᠽᠠᠷ Чиний эзгүй наадам – Ш᠂ Гүрбазар
ᠴᠢᠨᠦ ᠡᠵᠡᠭᠦᠢ ᠨᠠᠭᠠᠳᠤᠮ
ᠣᠯᠠᠨ ᠵᠢᠯ ᠦ᠋ᠨ ᠳᠠᠷᠠᠭ᠎ᠠ
ᠨᠤᠲᠤᠭ ᠤ᠋ᠨ ᠨᠠᠭᠠᠳᠤᠮ ᠳ᠋ᠠᠭᠠᠨ ᠣᠴᠢᠯ᠎ᠠ
ᠣᠪᠣᠭ᠎ᠠ ᠨᠢ ᠬᠦᠷᠲᠡᠯ᠎ᠡ ᠭᠤᠶᠤᠭᠰᠠᠨ
ᠪᠣᠷᠵᠢᠭᠢᠨ ᠬᠡᠴᠡ ᠳ᠋ᠡᠭᠡᠨ ᠢᠷᠡᠯ᠎ᠡ
ᠴᠢᠩ ᠠᠮᠢᠨ ᠪᠣᠳᠣᠯ ᠳ᠋ᠠᠭᠠᠨ ᠪᠣᠯ
ᠴᠢᠮᠠᠶ᠋ᠢ ᠪᠠᠨ ᠯᠠ ᠭᠡᠵᠦ ᠢᠷᠡᠭᠰᠡᠨ ᠶᠦᠮ
ᠴᠢ ᠠᠯᠠᠭ᠎ᠠ
ᠡᠭᠦᠯᠡ ᠨᠠᠷᠠᠨ ᠳᠣᠣᠷ᠎ᠠ ᠬᠥᠲᠥᠯᠦᠯᠳᠦᠭᠰᠡᠨ
ᠬᠠᠨᠢ ᠠ᠋ᠴᠠ ᠪᠠᠨ ᠴᠦ᠍ ᠨᠢᠭᠤᠵᠤ ᠢᠷᠡᠭᠰᠡᠨ ᠶᠦᠮ
ᠦᠯᠭᠡᠵᠦ ᠶᠠᠷᠢᠵᠤ ᠤᠨᠲᠠᠭᠤᠯᠳᠠᠭ
ᠠᠴᠢ ᠪᠠᠨ ᠬᠠᠭᠤᠷᠤᠭᠠᠳ ᠢᠷᠡᠭᠰᠡᠨ ᠶᠦᠮ
ᠳᠠᠭᠤ ᠬᠣᠭᠣᠯᠠᠢ ᠶ᠋ᠢ ᠮᠢᠨᠢ ᠲᠠᠨᠢᠭᠠᠳ
ᠬᠦᠷᠦᠭᠡᠳ ᠢᠷᠡᠬᠦ ᠪᠣᠯᠪᠠ ᠤᠤ ᠭᠡᠬᠦ ᠳ᠋ᠡᠭᠡᠨ
《ᠳᠤᠭᠤᠢ ᠬᠡ ᠲᠡᠢ ᠨᠠᠭᠠᠳᠤᠮ》 ᠢ᠋ᠶ᠋ᠠᠨ ᠶᠢᠰᠦᠨᠲᠡ ᠤᠩᠰᠢᠯ᠎ᠠ ᠴᠦ᠍
ᠴᠢ ᠯᠡ ᠠᠯᠠᠭ᠎ᠠ
ᠶᠢᠰᠦᠨ ᠠᠴᠢ ᠪᠠᠨ ᠳᠠᠭᠠᠭᠤᠯᠤᠭᠠᠳ ᠴᠦ᠍ ᠬᠠᠮᠢᠶ᠎ᠠ ᠦᠭᠡᠢ
ᠡᠨᠡ ᠯᠡ ᠨᠠᠭᠠᠳᠤᠮ ᠳᠡᠭᠡᠷ᠎ᠡ ᠢᠷᠡᠬᠦ ᠦᠭᠡᠢ ᠳᠡ
ᠢᠷᠦᠭᠡᠯ ᠭᠣᠮᠣᠳᠠᠭ᠎ᠠ ᠦᠭᠡᠢ ᠶᠦᠮ ᠴᠢᠨᠢ
ᠡᠷᠭᠢᠭᠡᠳ ᠭᠠᠭᠴᠠᠬᠠᠨ ᠤᠴᠠᠷᠠᠮᠠᠷ ᠰᠠᠨ ᠳᠠ
ᠲᠡᠪᠡᠷᠢᠬᠦ ᠨᠢ ᠪᠠᠢᠲᠤᠭᠠᠢ
ᠦᠨᠦᠰᠬᠦ ᠶ᠋ᠢᠨ ᠲᠠᠮᠢᠷ ᠰᠤᠯᠢᠳᠠᠭᠰᠠᠨ ᠨᠠᠰᠤᠨ ᠳ᠋ᠠᠭᠠᠨ
ᠲᠩᠷᠢ ᠶ᠋ᠢᠨ ᠳᠣᠣᠷ᠎ᠠ ᠴᠢᠮᠠᠶ᠋ᠢ ᠯᠠ ᠰᠠᠨᠠᠬᠤ ᠶ᠋ᠢᠨ
ᠲᠡᠢᠮᠦ ᠯᠡ ᠦᠨᠡᠨ ᠢ᠋ᠶ᠋ᠡᠷ ᠪᠤᠭᠤᠢᠯᠢᠳᠠᠭᠤᠯᠵᠤ ᠢᠷᠡᠭᠰᠡᠨ ᠶᠦᠮ
ᠴᠢ ᠠᠯᠠᠭ᠎ᠠ᠁
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠠᠮᠢᠯᠠᠭᠤᠯᠤᠭᠴᠢ᠄ ᠪᠠᠶᠠᠷᠴᠡᠴᠡᠭ
