ᠪᠤᠷᠤᠭᠤ ᠦᠭᠡᠢБуруугүй
ᠪᠤᠷᠤᠭᠤ ᠦᠭᠡᠢ
ᠣᠷᠣᠰ ᠬᠢᠲᠠᠳ ᠤ᠋ᠨ ᠨᠢᠳᠦᠨ ᠳ᠋ᠦ᠍ ᠪᠤᠭ ᠪᠣᠯᠤᠨ ᠠᠳᠠᠯᠠᠭᠳᠠᠵᠤ᠂
ᠣᠯᠵᠠ ᠠᠰᠢᠭ ᠤ᠋ᠨ ᠬᠢᠨᠢ ᠵᠠᠮ ᠳ᠋ᠤ᠌ ᠲᠡᠭᠡᠭᠡᠷ᠎ᠡ ᠪᠣᠯᠤᠨ ᠬᠥᠨᠳᠡᠯᠢᠰᠴᠦ᠂
ᠤᠬᠠᠭᠠᠨ ᠮᠥᠴᠢᠳ ᠨᠥᠬᠥᠳ ᠲᠦ᠍ ᠪᠡᠨ ᠤᠷᠰᠢᠭ ᠪᠣᠯᠤᠨ ᠣᠷᠬᠢᠭᠳᠠᠵᠤ᠂
ᠤᠭᠰᠠᠭ᠎ᠠ ᠨᠢᠭᠡᠲᠡᠢ ᠬᠠᠯᠬᠠᠴᠤᠳ ᠲᠦ᠍ ᠢᠲᠡᠭᠡᠯ ᠰᠠᠨᠠᠨ ᠭᠡᠨᠡᠳᠡᠭᠳᠡᠵᠦ᠂
ᠣᠷᠴᠢᠯᠠᠩ ᠤ᠋ᠨ ᠦᠢᠯᠡ ᠲᠠᠮᠤ ᠶ᠋ᠢ ᠲᠦᠮᠡᠨ ᠦ᠌ ᠲᠥᠯᠥᠭᠡ ᠠᠮᠰᠠᠵᠤ᠂
ᠤᠬᠠᠭᠠᠨᠲᠤ ᠲᠡᠮᠡᠴᠡᠯ ᠨᠢ ᠢᠯᠠᠭᠳᠠᠭᠰᠠᠨ ᠴᠤ᠌ ᠵᠠᠶᠠᠭᠠᠨ ᠳ᠋ᠤ᠌ ᠪᠠᠨ ᠭᠣᠮᠣᠳᠠᠭ᠎ᠠ ᠦᠭᠡᠢ᠂
ᠣᠮᠣᠭ ᠰᠥᠬᠥᠷᠡᠨ ᠭᠤᠶᠤᠵᠤ ᠬᠦᠴᠦᠲᠡᠨ ᠦ᠌ ᠥᠯᠮᠡᠢ ᠳ᠋ᠦ᠍ ᠰᠥᠭᠥᠳᠦᠭᠡ ᠦᠭᠡᠢ᠂
ᠤᠳᠤᠮ ᠰᠤᠳᠤᠷ ᠢ᠋ᠶ᠋ᠠᠨ ᠭᠣᠮᠣᠳᠠᠭᠠᠵᠤ ᠬᠥᠮᠦᠨ ᠮᠠᠨᠠᠭᠤᠯ ᠪᠣᠯᠤᠭ᠎ᠠ ᠦᠭᠡᠢ᠂
ᠣᠯᠢᠭ ᠤ᠋ᠨ ᠳᠦᠷᠰᠦ ᠭᠡᠵᠦ ᠵᠣᠯᠢᠭ ᠤ᠋ᠨ ᠵᠦᠴᠦᠭᠡ ᠲᠣᠭᠯᠠᠭ᠎ᠠ ᠦᠭᠡᠢ᠂
ᠤᠪ ᠨᠡᠪᠲᠡ ᠪᠣᠯᠭᠠᠭᠰᠠᠨ ᠣᠳᠣ ᠰᠣᠳᠣᠬᠠᠨ ᠤᠬᠠᠭᠠᠨ ᠢ᠋ᠶ᠋ᠠᠷ
ᠤᠷᠠᠬ᠎ᠠ ᠲᠠᠯᠪᠢᠭᠰᠠᠨ ᠪᠣᠭᠣᠮᠢᠨ ᠳ᠋ᠤ᠌ ᠣᠯᠵᠠ ᠬᠠᠢᠵᠤ ᠬᠦᠷᠲᠡᠭᠡ ᠦᠭᠡᠢ᠂
ᠣᠩᠭᠣᠨ ᠨᠤᠲᠤᠭ ᠢ᠋ᠶ᠋ᠠᠨ ᠵᠣᠯᠢᠶᠠᠰᠤᠯᠠᠵᠤ ᠡᠷᠬᠡ ᠵᠢᠷᠭᠠᠯ ᠰᠣᠯᠢᠭ᠎ᠠ ᠦᠭᠡᠢ᠂
ᠠᠷᠪᠠᠨ ᠲᠠᠰᠢ ᠪᠠᠨ ᠪᠤᠲᠠᠷᠠᠭᠰᠠᠨ ᠠᠬᠠᠨ ᠳᠡᠭᠦᠦᠰ ᠢ᠋ᠶ᠋ᠡᠨ ᠨᠢᠭᠲᠠᠷᠠᠭᠤᠯᠬᠤ ᠭᠡᠵᠦ᠂
ᠠᠭᠤᠤ ᠲᠡᠦᠬᠡ ᠪᠡᠨ ᠦᠪᠴᠢᠯᠡᠭᠰᠡᠨ
ᠠᠭᠤᠳᠠᠮ ᠨᠤᠲᠤᠭ ᠢ᠋ᠶ᠋ᠠᠨ ᠬᠠᠭᠠᠴᠠᠢᠯᠠᠬᠤ ᠭᠡᠵᠦ᠂
ᠠᠰᠢᠭ ᠢ᠋ᠶ᠋ᠠᠷ ᠤᠯᠠᠢᠷᠠᠭᠰᠠᠨ ᠰᠢᠨᠤᠯᠳᠠᠳ ᠤ᠋ᠨ ᠭᠣᠷᠢ ᠶ᠋ᠢ ᠲᠠᠰᠤᠯᠤᠨ ᠲᠤᠰᠠᠭᠠᠷᠯᠠᠬᠤ ᠭᠡᠵᠦ᠂
ᠠᠯᠢᠪᠠ ᠪᠠᠨ ᠣᠭᠣᠷᠴᠤ ᠲᠡᠮᠡᠴᠡᠭᠰᠡᠨ ᠳᠡᠮᠴᠤᠭᠳᠣᠩᠷᠤᠪ ᠪᠤᠷᠤᠭᠤ ᠦᠭᠡᠢ᠃
ᠢᠷᠡᠯᠲᠡ ᠄ ᠰᠥᠨᠢᠳ ᠪᠠᠷᠠᠭᠤᠨ ᠬᠤᠰᠢᠭᠤᠨ ᠤ᠋ ᠲᠡᠦᠬᠡᠨ ᠬᠥᠮᠦᠨ ᠪᠣᠯᠬᠤ ᠳᠡᠮᠴᠤᠭᠳᠣᠩᠷᠣᠪ ᠤ᠋ᠨ ᠲᠤᠬᠠᠢ ᠪᠢᠴᠢᠭᠰᠡᠨ ᠨᠣᠮ ᠠ᠋ᠴᠠ ᠰᠡᠢᠷᠡᠭᠦᠯᠪᠡ᠃
ᠦᠰᠦᠭ ᠠᠮᠢᠯᠠᠭᠤᠯᠤᠭᠰᠠᠨ ᠨᠢ ᠄ ᠴᠢ᠊ · ᠤᠷᠠᠨᠴᠡᠴᠡᠭ
ᠬᠢᠨᠠᠯᠲᠠ ᠄ᠰᠡᠴᠡᠨᠴᠢᠮᠡᠭ ᠂ ᠮᠣᠩᠭᠣᠯ ᠰᠦᠨᠡᠰᠦ
