ᠭᠱᠠᠨ ᠵᠠᠭᠤᠷ᠎ᠠ ᠶ᠋ᠢᠨ ᠭᠡᠭᠡᠷᠡᠯ-ᠱᠠᠨᠲ᠋ᠢᠳᠢᠸ᠋᠎ᠠ ᠭᠡᠭᠡᠨАгшин зуурын гэгээрэл-Шандидева Гэгээн ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠱᠠᠨ ᠵᠠᠭᠤᠷ᠎ᠠ ᠶ᠋ᠢᠨ ᠭᠡᠭᠡᠷᠡᠯ-ᠱᠠᠨᠲ᠋ᠢᠳᠢᠸ᠋᠎ᠠ ᠭᠡᠭᠡᠨАгшин зуурын гэгээрэл-Шандидева Гэгээн

ᠭᠱᠠᠨ ᠵᠠᠭᠤᠷ᠎ᠠ ᠶ᠋ᠢᠨ ᠭᠡᠭᠡᠷᠡᠯ-ᠱᠠᠨᠲ᠋ᠢᠳᠢᠸ᠋᠎ᠠ ᠭᠡᠭᠡᠨАгшин зуурын гэгээрэл-Шандидева Гэгээн

2025-01-12

790

ᠭᠱᠠᠨ ᠵᠠᠭᠤᠷ᠎ᠠ ᠶ᠋ᠢᠨ ᠭᠡᠭᠡᠷᠡᠯ 

      — ᠱᠠᠨᠲ᠋ᠢᠳᠢᠸ᠋᠎ᠠ ᠭᠡᠭᠡᠨ 
   ᠬᠣᠷᠣᠰᠤᠯ ᠲᠠᠴᠢᠶᠠᠯ ᠠᠰᠠᠭᠰᠠᠨ ᠪᠣᠯ ᠬᠣᠷᠣᠮᠬᠠᠨ ᠵᠠᠭᠤᠷ᠎ᠠ ᠶ᠋ᠢᠨ ᠰᠡᠬᠡᠭᠡᠷᠡᠯ ᠢ᠋ᠶ᠋ᠡᠷ ᠶᠠᠭᠤ ᠴᠤ᠌ ᠬᠢᠯᠭᠦᠢ ᠂ᠶᠠᠭᠤ ᠴᠤ᠌ ᠶᠠᠷᠢᠯᠭᠦᠢ ᠮᠣᠳᠣ ᠮᠡᠲᠦ ᠣᠷᠣᠰᠢᠲᠤᠭᠠᠢ᠃ᠪᠢᠳᠡ ᠭᠠᠳᠠᠨ᠎ᠠ ᠲᠠᠯ᠎ᠠ ᠶ᠋ᠢᠨ ᠲᠠᠮᠤ ᠠ᠋ᠴᠠ ᠠᠶᠤᠳᠠᠭ ᠮᠥᠷᠲᠡᠯ᠎ᠡ ᠪᠡᠨ ᠳᠣᠲᠣᠷ᠎ᠠ ᠲᠠᠯ᠎ᠠ ᠶ᠋ᠢᠨ ᠲᠠᠮᠤ ᠠ᠋ᠴᠠ ᠠᠶᠤᠳᠠᠭ ᠦᠭᠡᠢ᠃ ᠵᠢᠩᠬᠢᠨᠢ ᠲᠠᠮᠤ ᠳᠣᠲᠣᠷ᠎ᠠ ᠲᠠᠯ᠎ᠠ ᠳ᠋ᠤ᠌ ᠯᠠ ᠪᠠᠢᠳᠠᠭ ᠂ᠳᠣᠲᠣᠷ᠎ᠠ ᠴᠢᠨᠢ ᠤᠢᠮᠤᠷᠠᠵᠤ ᠬᠢᠮᠤᠷᠠᠵᠤ ᠬᠣᠷᠣᠰᠤᠯ ᠲᠠᠴᠢᠶᠠᠯ ᠤ᠋ᠨ ᠭᠠᠯ ᠳᠦᠷᠡᠯᠵᠡᠵᠦ ᠪᠣᠢ ᠶ᠋ᠢ ᠮᠡᠳᠡᠷᠡᠭᠰᠡᠨ ᠲᠡᠷᠡ ᠯᠠ ᠭᠱᠠᠨ ᠳ᠋ᠠᠭᠠᠨ ᠰᠢᠭᠤᠳ ᠮᠣᠳᠣ ᠪᠣᠯᠤᠭᠠᠳ ᠬᠤᠪᠢᠷᠠᠴᠢᠬ᠎ᠠ᠃ ᠮᠣᠳᠣ ᠶᠠᠭᠤ ᠴᠤ᠌ ᠬᠢᠳᠡᠭ ᠦᠭᠡᠢ ᠶᠠᠭᠤ ᠴᠤ᠌ ᠶᠠᠷᠢᠳᠠᠭ ᠦᠭᠡᠢ ᠶᠠᠭᠤ ᠴᠤ᠌ ᠪᠣᠳᠣᠳᠠᠭ ᠦᠭᠡᠢ ᠰᠢᠦ ᠳᠡ᠂ᠪᠡᠶ᠎ᠡ ᠪᠡᠨ ᠰᠤᠯᠠᠯᠠᠨ ᠠᠮᠠ ᠪᠠᠨ ᠬᠠᠮᠬᠢᠵᠤ ᠰᠡᠳᠬᠢᠯ ᠢ᠋ᠶ᠋ᠡᠨ ᠴᠢᠯᠥᠭᠡᠯᠡᠵᠦ ᠬᠣᠭᠣᠰᠣᠨ ᠬᠤᠯᠤᠰᠤ ᠰᠢᠭ᠋ ᠠᠮᠠᠷᠠᠭᠲᠤᠨ ᠭᠡᠰᠡᠨ ᠦᠭᠡ ᠮᠠᠬᠠᠮᠤᠲ᠋ᠤᠷ ᠤ᠋ᠨ ᠳᠠᠭᠤᠯᠠᠯ ᠳ᠋ᠤ᠌ ᠭᠠᠷᠳᠠᠭ ᠪᠢᠯᠡ᠃ ᠰᠡᠳᠬᠢᠯ ᠦ᠋ᠨ ᠣᠢᠮᠤᠷᠠᠯ ᠢ᠋ᠶ᠋ᠠᠨ ᠭᠠᠳᠠᠭᠰᠢ ᠪᠠᠨ ᠰᠠᠴᠤᠬᠤ ᠭᠡᠰᠡᠨ ᠦ᠌ ᠴᠤ᠌ ᠬᠡᠷᠡᠭ ᠦᠭᠡᠢ᠂ ᠳᠣᠲᠣᠭᠰᠢ ᠪᠠᠨ ᠪᠤᠯᠠᠬᠤ ᠭᠡᠰᠡᠨ ᠦ᠌ ᠴᠤ᠌ ᠬᠡᠷᠡᠭ ᠦᠭᠡᠢ᠂ ᠵᠦᠭᠡᠷ ᠯᠡ ᠰᠤᠯᠠ ᠵᠦᠩ ᠳ᠋ᠦ᠍ ᠨᠢ ᠣᠷᠬᠢᠭᠠᠳ ᠮᠣᠳᠣ ᠰᠢᠭ᠋ ᠪᠠᠢᠭᠲᠤᠨ! ᠪᠡᠶ᠎ᠡ ᠬᠡᠯᠡ ᠪᠡᠷ ᠢ᠋ᠶ᠋ᠡᠨ ᠭᠠᠳᠠᠭᠰᠢᠯᠠᠭᠤᠯᠬᠤ ᠶ᠋ᠢᠨ ᠪᠣᠯ ᠬᠤᠷ᠎ᠠ ᠶ᠋ᠢᠨ ᠤᠰᠤ ᠰᠢᠭ᠋ ᠥᠪᠡᠷ ᠢ᠋ ᠴᠢᠨᠢ ᠡᠷᠭᠢᠵᠦ ᠨᠡᠷᠪᠡᠬᠦ ᠪᠣᠯᠤᠨ᠎ᠠ᠂ᠬᠦᠴᠦᠯᠡᠨ ᠳᠠᠷᠤᠵᠤ ᠳᠣᠲᠣᠭᠰᠢ ᠪᠠᠨ ᠪᠤᠯᠠᠪᠠᠯ ᠬᠡᠵᠢᠶ᠎ᠡ ᠨᠢᠭᠡ ᠡᠳᠦᠷ ᠨᠣᠢᠷᠰᠤᠵᠤ ᠪᠠᠢᠭᠰᠠᠨ ᠭᠠᠯᠲᠤ ᠠᠭᠤᠯᠠ ᠳᠡᠯᠪᠡᠷᠡᠵᠦ ᠴᠤ᠌ ᠲᠠᠭᠠᠷᠠᠨ᠎ᠠ᠃ ᠠᠭᠠᠷᠤ ᠮᠤᠢᠯᠠᠰᠤ ᠮᠢᠩᠭᠠᠨ ᠭᠠᠷ ᠲᠠᠢ ᠴᠤ᠌ ᠰᠡᠷᠪᠡᠯᠵᠡᠵᠦ ᠪᠠᠢᠳᠠᠭ ᠦᠭᠡᠢ᠂ ᠠᠩᠬᠢᠯᠤᠭᠤᠨ ᠰᠠᠷᠠᠨ ᠲᠦᠮᠡᠨ ᠬᠡᠯᠡ ᠲᠡᠢ ᠴᠦ᠍ ᠴᠠᠯᠴᠢᠵᠤ ᠪᠠᠢᠳᠠᠭ ᠦᠭᠡᠢ᠃

   ᠬᠢᠨᠠᠭᠴᠢ᠄ ᠪᠦᠷᠢᠨ᠎ᠡ