ᠮᠣᠩᠭᠣᠯ ᠬᠡᠯᠡ -ᠳᠣᠯᠣᠳ ᠲᠦᠮᠡᠨᠵᠢᠷᠭᠠᠯ Монгол хэл-Долд Түмэнжаргал
ᠮᠣᠩᠭᠣᠯ ᠬᠡᠯᠡ
ᠰᠢᠯᠦᠭ᠄ ᠳᠣᠯᠣᠳ ᠲᠦᠮᠡᠨᠵᠢᠷᠭᠠᠯ
ᠬᠣᠪᠣᠩ ᠤ᠋ᠨ ᠭᠠᠯ ᠢ᠋ᠶ᠋ᠠᠷ ᠪᠤᠷᠬᠠᠨ ᠲᠠᠬᠢᠬᠰᠠᠨ ᠲᠩᠷᠢ ᠶ᠋ᠢᠨ ᠪᠢᠴᠢᠭ ᠮᠣᠩᠭᠣᠯ ᠬᠡᠯᠡ
ᠬᠠᠰᠠᠭ ᠲᠡᠷᠭᠡ ᠪᠡᠷ ᠨᠠᠷᠠᠨ ᠳ᠋ᠤ᠌ ᠨᠡᠭᠦᠭᠰᠡᠨ ᠨᠢᠭᠤᠴᠠ ᠲᠠᠷᠨᠢ ᠮᠣᠩᠭᠣᠯ ᠬᠡᠯᠡ
ᠣᠳᠣᠳ ᠤ᠋ᠨ ᠲᠣᠭ᠎ᠠ ᠪᠠᠷ ᠮᠠᠯ ᠪᠡᠯᠴᠢᠭᠡᠭᠰᠡᠨ ᠬᠥᠯᠭᠡᠨ ᠰᠤᠳᠤᠷ ᠮᠣᠩᠭᠣᠯ ᠬᠡᠯᠡ
ᠣᠴᠢ ᠦᠰᠦᠷᠦᠭᠡᠳ ᠠᠭᠤᠯᠠ ᠰᠢᠲᠠᠭᠠᠭᠰᠠᠨ ᠲᠩᠷᠢ ᠶ᠋ᠢᠨ ᠭᠠᠯ ᠮᠣᠩᠭᠣᠯ ᠬᠡᠯᠡ
ᠮᠣᠩᠭᠣᠯ ᠲᠥᠷᠥ ᠶ᠋ᠢᠨ ᠬᠠᠰ ᠲᠠᠮᠠᠭ᠎ᠠ ᠮᠣᠷᠢᠲᠠᠨ ᠦᠨᠳᠦᠰᠦᠲᠡᠨ ᠦ᠌ ᠳᠠᠷᠬᠠᠨ ᠬᠡᠯᠡ
ᠮᠣᠩᠭᠣᠯ ᠢ᠋ ᠭᠡᠢᠭᠦᠯᠦᠭᠴᠢ ᠣᠶᠤᠨ ᠤ᠋ ᠵᠤᠯᠠ ᠮᠣᠩᠭᠣᠯ ᠬᠡᠯᠡ ᠲᠩᠷᠢ ᠶ᠋ᠢᠨ ᠬᠡᠯᠡ
ᠴᠢᠩᠭᠢᠰ ᠦ᠋ᠨ ᠲᠡᠦᠬᠡ ᠪᠡᠷ ᠠᠮᠠ ᠳᠠᠮᠵᠢᠬᠤ《ᠨᠢᠭᠤᠴᠠ ᠲᠣᠪᠴᠢᠶᠠᠨ》 ᠮᠣᠩᠭᠣᠯ ᠬᠡᠯᠡ
ᠴᠢᠨᠠᠳᠤ ᠪᠢᠯᠢᠭ ᠦ᠋ᠨ ᠤᠬᠠᠭ᠎ᠠ ᠰᠤᠪᠢᠬᠤ《ᠠᠯᠲᠠᠨ ᠭᠠᠨᠵᠤᠤᠷ 》 ᠮᠣᠩᠭᠣᠯ ᠬᠡᠯᠡ
ᠴᠢᠯᠠᠭᠤᠳ ᠤ᠋ᠨ ᠰᠤᠳᠠᠰᠤ ᠪᠠᠷ ᠴᠣᠬᠢᠯᠠᠵᠤ ᠯᠤᠭᠰᠢᠬᠤ ᠬᠠᠳᠠᠨ ᠪᠢᠴᠢᠭᠡᠰᠦ ᠮᠣᠩᠭᠣᠯ ᠬᠡᠯᠡ
ᠴᠢ ᠪᠢᠳᠡᠨ ᠦ᠌ ᠰᠡᠳᠬᠢᠯ ᠢ᠋ ᠨᠡᠪᠲᠡᠷᠡᠭᠦᠯᠬᠦ ᠤᠶᠠᠩᠭ᠎ᠠ ᠪᠠᠷ ᠪᠠᠶᠠᠰᠬᠤᠯᠠᠩ ᠮᠣᠩᠭᠣᠯ ᠬᠡᠯᠡ
ᠭᠠᠩᠭᠠᠩ ᠪᠠᠢᠭᠠᠯᠢ ᠶ᠋ᠢ ᠴᠡᠴᠡᠭ ᠢ᠋ᠶ᠋ᠡᠷ ᠴᠢᠮᠡᠭᠯᠡᠬᠦ ᠢᠷᠠᠭᠤ ᠰᠠᠢᠬᠠᠨ ᠮᠣᠩᠭᠣᠯ ᠬᠡᠯᠡ
ᠭᠠᠵᠠᠷ ᠳᠡᠯᠡᠬᠡᠢ ᠶ᠋ᠢ ᠰᠣᠨᠣᠰᠬᠤᠯᠠᠩ ᠢ᠋ᠶ᠋ᠠᠷ ᠤᠶᠠᠷᠠᠭᠤᠯᠬᠤ ᠲᠩᠷᠢᠯᠢᠭ ᠠᠶᠠᠯᠭᠤ ᠮᠣᠩᠭᠣᠯ ᠬᠡᠯᠡ
ᠭᠠᠢ ᠲᠠᠢ ᠳᠠᠢᠰᠤᠨ ᠢ᠋ ᠰᠦᠷ ᠢ᠋ᠶ᠋ᠡᠷ ᠳᠠᠷᠤᠬᠤ ᠪᠣᠰᠤᠭ᠎ᠠ ᠬᠡᠢᠮᠣᠷᠢ ᠮᠣᠩᠭᠣᠯ ᠬᠡᠯᠡ
ᠭᠠᠳᠠᠷ ᠣᠷᠴᠢᠯᠠᠩ ᠢ᠋ ᠨᠣᠮ ᠢ᠋ᠶ᠋ᠠᠷ ᠬᠤᠷᠢᠶᠠᠬᠤ ᠷᠢᠳᠢ ᠰᠢᠳᠢ ᠮᠣᠩᠭᠣᠯ ᠬᠡᠯᠡ
ᠮᠣᠩᠭᠣᠯ ᠲᠥᠷᠥ ᠶ᠋ᠢᠨ ᠬᠠᠰ ᠲᠠᠮᠠᠭ᠎ᠠ ᠮᠣᠷᠢᠲᠠᠨ ᠦᠨᠳᠦᠰᠦᠲᠡᠨ ᠦ᠌ ᠳᠠᠷᠬᠠᠨ ᠬᠡᠯᠡ
ᠮᠣᠩᠭᠣᠯ ᠢ᠋ ᠭᠡᠢᠭᠦᠯᠦᠭᠴᠢ ᠣᠶᠤᠨ ᠤ᠋ ᠵᠤᠯᠠ ᠮᠣᠩᠭᠣᠯ ᠬᠡᠯᠡ ᠲᠩᠷᠢ ᠶ᠋ᠢᠨ ᠬᠡᠯᠡ
ᠬᠡᠢᠮᠣᠷᠢ ᠰᠦᠯᠵᠢᠶᠡᠨ ᠦ᠌ ᠭᠤᠷᠪᠠᠨ ᠵᠢᠯ ᠦ᠋ᠨ ᠣᠢ ᠳ᠋ᠤ᠌ ᠵᠣᠷᠢᠭᠤᠯᠪᠠ᠃
ᠬᠡᠢᠮᠣᠷᠢ ᠰᠦᠯᠵᠢᠶᠡᠨ ᠦ᠌ ᠵᠠᠭᠤᠨ ᠲᠦᠮᠡᠨ ᠳ᠋ᠦ᠍ ᠵᠣᠷᠢᠭᠤᠯᠪᠠ᠃
ᠬᠡᠢᠮᠣᠷᠢ ᠰᠦᠯᠵᠢᠶᠡᠨ ᠳ᠋ᠦ᠍ ᠪᠡᠨ ᠬᠠᠷᠠᠮ ᠦᠭᠡᠢ ᠦᠢᠯᠡᠴᠢᠯᠡᠭᠰᠡᠨ᠂ᠬᠠᠯᠠᠰᠢᠷᠠᠯ ᠦᠭᠡᠢ ᠲᠠᠷᠬᠠᠭᠠᠭᠰᠠᠨ᠂ ᠬᠠᠢᠷᠠᠯᠠᠨ ᠬᠠᠯᠠᠮᠵᠢᠯᠠᠭᠰᠠᠨ᠂ ᠬᠠᠴᠢᠷᠬᠠᠨ ᠰᠣᠨᠢᠷᠬᠠᠭᠰᠠᠨ᠂ ᠭᠠᠪᠰᠢᠭᠠᠢᠯᠠᠨ ᠵᠣᠷᠴᠢᠭᠰᠠᠨ ᠪᠦᠬᠦ ᠬᠥᠮᠦᠰ ᠲᠦ᠍ ᠵᠣᠷᠢᠭᠤᠯᠪᠠ᠃
ᠢᠷᠡᠯᠲᠡ᠄ ᠰᠦᠯᠵᠢᠶᠡᠨ ᠡᠴᠡ ᠰᠡᠢᠷᠡᠭᠦᠯᠪᠡ᠃
ᠦᠰᠦᠭ ᠠᠮᠢᠯᠠᠭᠤᠯᠤᠭᠰᠠᠨ ᠨᠢ᠄ ᠴᠢ᠊· ᠤᠷᠠᠨᠴᠡᠴᠡᠭ
ᠬᠢᠨᠠᠯᠲᠠ ᠄ ᠮᠥᠴᠢᠷ᠂ ᠰᠡᠴᠡᠨᠴᠢᠮᠡᠭ
