ᠰᠢᠷᠡᠮᠦ ᠴᠢᠷᠠᠢᠲᠤ ᠶ᠋ᠢᠨ ᠬᠢᠴᠢᠶᠡᠯШирэм царайтын хичээл
ᠠᠩᠭᠢᠯᠠᠯ:ᠨᠠᠢᠷᠠᠭᠤᠯᠤᠯ ᠥᠭᠦᠯᠡᠯᠭᠡНайруулал өгүүллэг 2025-04-05
284
ᠨᠢᠭᠡ ᠮᠢᠨᠦ ᠪᠣᠲᠣᠭᠣ ᠳᠣᠷᠣᠮᠤᠨ ᠨᠠᠰᠤᠨ ᠳ᠋ᠤ᠌ ᠶᠠᠭᠤᠨᠠᠢ ᠺᠣᠮᠫᠢᠦ᠋ᠲ᠋ᠧᠷ᠂ ᠢᠨᠲ᠋ᠧᠷᠨᠧᠲ᠂ ᠲᠧᠯᠸᠢᠰ᠂ DVD ᠭᠡᠵᠦ ᠪᠠᠢᠬᠤ ᠪᠣᠢ? ᠠᠮᠢᠳᠤᠷᠠᠯ ᠢ᠋ ᠠᠮᠢᠳᠤᠷᠠᠯ ᠰᠢᠭ᠋ ᠢ᠋ᠶ᠋ᠡᠷ ᠨᠢ᠂ ᠬᠥᠮᠦᠨ ᠢ᠋ ᠬᠥᠮᠦᠨ ᠰᠢᠭ ᠢ᠋ᠶ᠋ᠡᠷ ᠨᠢ ᠪᠢᠴᠢᠭᠰᠡᠨ ᠤᠷᠠᠨ ᠵᠣᠬᠢᠶᠠᠯ ᠴᠤ᠌ ᠳᠡᠮᠡᠢ ᠣᠯᠠᠨ ᠢ᠋ ᠣᠯᠵᠤ ᠤᠩᠰᠢᠬᠤ ᠦᠭᠡᠢ ᠰᠢᠦ ᠳᠡ᠃ ᠪᠠᠭ᠎ᠠ ᠰᠤᠷᠭᠠᠭᠤᠯᠢ ᠶ᠋ᠢᠨ ᠬᠢᠴᠢᠶᠡᠯ ᠦ᠋ᠨ ᠪᠢᠴᠢᠭ ᠡᠴᠡ ᠡᠬᠢᠯᠡᠭᠡᠳ ᠬᠡᠦᠬᠡᠳ ᠦ᠋ᠨ ᠤᠩᠰᠢᠬᠤ ᠵᠢᠷᠤᠭᠲᠤ ᠳᠡᠪᠲᠡᠷ᠂ ᠵᠢᠯ ᠳ᠋ᠡᠭᠡᠨ ᠨᠢᠭᠡ ᠯᠡ ᠣᠯᠵᠤ ᠦ...