ᠵᠦᠢᠷ ᠰᠡᠴᠡᠨ ᠦᠭᠡ – ᠢ  ᠶ᠋ᠢᠨ ᠠᠢᠮᠠᠭ Зүйр цэцэн үг – Ийн аймаг ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠦᠢᠷ ᠰᠡᠴᠡᠨ ᠦᠭᠡ – ᠢ  ᠶ᠋ᠢᠨ ᠠᠢᠮᠠᠭ Зүйр цэцэн үг – Ийн аймаг

ᠵᠦᠢᠷ ᠰᠡᠴᠡᠨ ᠦᠭᠡ – ᠢ  ᠶ᠋ᠢᠨ ᠠᠢᠮᠠᠭ Зүйр цэцэн үг – Ийн аймаг

2023-09-18

1599

ᠢ‍  ᠶᠢᠨ ᠠᠢᠮᠠᠭ


  ᠢᠳᠡ ᠭᠡᠪᠡᠯ ᠭᠣᠷᠢ ᠪᠣᠭᠣᠮ᠎ᠠ 
  ᠶᠠᠪᠤ ᠭᠡᠪᠡᠯ ᠶᠠᠰᠤ ᠪᠣᠭᠣᠮ᠎ᠠ 

  ᠢᠳᠡ ᠭᠡᠳᠡᠭ ᠬᠥᠮᠦᠨ ᠦ᠌ ᠶᠣᠰᠣ 
  ᠢᠵᠢᠯᠢᠰᠢᠬᠦ ᠭᠡᠳᠡᠭ ᠮᠠᠯ ᠤ᠋ᠨ ᠶᠣᠰᠣ 

  ᠢᠳᠡ ᠭᠡᠬᠦ ᠳ᠋ᠦ᠍ ᠠᠮᠰᠠᠬᠤ 
  ᠤᠤᠭᠤ ᠭᠡᠬᠦ ᠳ᠋ᠦ᠍ ᠣᠭᠣᠴᠢᠬᠤ (ᠲᠠᠮᠰᠢᠶᠠᠯᠠᠬᠤ) 

  ᠢᠳᠡ ᠭᠡᠬᠦ ᠳ᠋ᠦ᠍ ᠥᠷᠥᠪᠬᠢᠬᠦ 
  ᠬᠢᠨ᠎ᠡ ᠭᠡᠬᠦ ᠳ᠋ᠦ᠍ ᠣᠷᠣᠪᠬᠢᠬᠤ 

  ᠢᠳᠡ ᠢᠳᠡᠭᠰᠡᠭᠡᠷ ᠰᠢᠲᠦ ᠶᠠᠭᠠᠷᠠᠬᠤ  
  ᠦᠵᠡ ᠦᠵᠡᠭᠰᠡᠭᠡᠷ ᠨᠢᠳᠦ ᠶᠠᠭᠠᠷᠠᠬᠤ 

  ᠢᠳᠡ ᠦᠭᠡᠢ ᠨᠢᠷᠤᠭᠤ 
  ᠢᠷᠭᠡ ᠶ᠋ᠢᠨ ᠨᠡᠬᠡᠢ ᠶ᠋ᠢᠨ ᠭᠠᠷᠤᠵᠠ 

  ᠢᠳᠡᠳᠡᠭ ᠨᠢ ᠯᠤᠤᠯᠢ 
  ᠬᠡᠯᠡᠳᠡᠭ ᠨᠢ ᠬᠠᠤᠯᠢ 
  ᠤᠨᠤᠳᠠᠭ ᠨᠢ ᠳᠠᠭ᠎ᠠ 
  ᠤᠴᠠᠷᠠᠳᠠᠭ ᠨᠢ ᠬᠤᠯᠠᠭᠠᠢ 

  ᠢᠳᠡᠭᠰᠡᠨ ᠪᠤᠳᠠᠭᠠᠨ ᠤ᠋ ᠪᠠᠨ ᠠᠮᠲᠠ ᠶ᠋ᠢ ᠮᠡᠳᠡᠬᠦ ᠦᠭᠡᠢ 
  ᠠᠪᠤᠭᠰᠠᠨ ᠡᠮ᠎ᠡ ᠶ᠋ᠢᠨ ᠢ᠋ᠶ᠋ᠡᠨ ᠤᠬᠠᠭᠠᠨ ᠢ᠋ ᠮᠡᠳᠡᠬᠦ ᠦᠭᠡᠢ 

  ᠢᠳᠡᠭᠰᠡᠨ ᠨᠢ ᠢᠳᠡᠭᠡᠨ ᠢ᠋ᠶ᠋ᠡᠨ ᠪᠢᠲᠡᠭᠡᠢ 
  ᠤᠤᠭᠤᠭᠰᠠᠨ ᠨᠢ ᠤᠰᠤ ᠪᠠᠨ ᠪᠢᠲᠡᠭᠡᠢ 

  ᠢᠳᠡᠭᠰᠡᠨ ᠡᠳᠦᠷ ᠴᠠᠳᠬᠤᠯᠠᠩ 
  ᠢᠨᠢᠶᠡᠭᠰᠡᠨ ᠡᠳᠦᠷ ᠪᠠᠶᠠᠰᠬᠤᠯᠠᠩ 

  ᠢᠳᠡᠭᠰᠡᠨ ᠴᠤ᠌ ᠴᠢᠨᠣ᠎ᠠ 
  ᠡᠰᠡ ᠢᠳᠡᠭᠰᠡᠨ ᠴᠤ᠌ ᠴᠢᠨᠣ᠎ᠠ 
  ᠢᠳᠡᠭᠰᠡᠨ ᠴᠤ᠌ ᠴᠢᠨᠣ᠎ᠠ ᠶ᠋ᠢᠨ ᠠᠮᠠ ᠤᠯᠠᠭᠠᠨ 
  ᠡᠰᠡ ᠢᠳᠡᠭᠰᠡᠨ ᠴᠤ᠌ ᠴᠢᠨᠣ᠎ᠠ ᠶ᠋ᠢᠨ ᠠᠮᠠ ᠤᠯᠠᠭᠠᠨ  

  ᠢᠳᠡᠭᠰᠡᠨ ᠴᠢᠨᠣ᠎ᠠ ᠬᠣᠩᠭᠢᠯ ᠳ᠋ᠤ᠌  
  ᠢᠳᠡᠭᠡ ᠦᠭᠡᠢ ᠴᠢᠨᠣ᠎ᠠ ᠬᠣᠮᠣᠷᠭᠠᠨ ᠳ᠋ᠤ᠌ 

  ᠢᠳᠡᠭᠰᠡᠨ ᠡᠷᠡᠦ ᠬᠤᠪᠠᠬᠠᠢᠷᠠᠳᠠᠭ 
  ᠢᠳᠡᠭᠦᠯᠦᠭᠰᠡᠨ ᠪᠤᠲᠠ ᠤᠷᠭᠤᠳᠠᠭ 

  ᠢᠳᠡᠭᠦᠯᠦᠭᠰᠡᠨ ᠳᠣᠪᠣ ᠬᠥᠬᠡᠷᠡᠳᠡᠭ (ᠨᠣᠭᠣᠭᠤᠷᠠᠬᠤ )  
  ᠢᠳᠡᠭᠰᠡᠨ ᠡᠷᠡᠦ ᠬᠤᠪᠠᠬᠠᠢᠷᠠᠳᠠᠭ  

  ᠢᠳᠡᠭᠰᠡᠭᠡᠷ ᠪᠠᠢᠭᠠᠳ ᠢᠳᠡᠭᠡᠨ ᠦ᠌ ᠠᠮᠲᠠ ᠶ᠋ᠢ ᠮᠡᠳᠡᠬᠦ ᠦᠭᠡᠢ 
  ᠡᠷᠬᠡᠯᠡᠭᠰᠡᠭᠡᠷ ᠪᠠᠢᠭᠠᠳ ᠲᠣᠭᠯᠠᠭᠠᠮ ᠤ᠋ᠨ ᠢ᠋ᠶ᠋ᠠᠨ ᠨᠡᠷ᠎ᠡ ᠶ᠋ᠢ ᠮᠡᠳᠡᠬᠦ ᠦᠭᠡᠢ  

  ᠢᠳᠡᠲᠡᠨ ᠨᠢ ᠥᠭᠡᠨᠴᠡ ᠳ᠋ᠦ᠍ ᠪᠡᠨ ᠲᠤᠰᠠᠯᠠᠨ᠎ᠠ 
  ᠡᠷᠳᠡᠮᠲᠡᠨ ᠨᠢ ᠪᠠᠶᠠᠨ ᠳ᠋ᠤ᠌ ᠪᠠᠨ ᠬᠠᠪᠰᠤᠷᠤᠨ᠎ᠠ  

  ᠢᠳᠡᠶ᠎ᠡ ᠬᠣᠭᠣᠯᠠ ᠪᠡᠯᠡᠨ 
  ᠡᠮᠦᠰᠦᠶ᠎ᠡ ᠬᠤᠪᠴᠠᠰᠤ ᠪᠡᠯᠡᠨ 

  ᠢᠳᠡᠵᠦ ᠪᠠᠢᠭᠠᠳ ᠠᠮᠠ ᠨᠢ ᠬᠠᠭᠤᠷᠠᠢ 
  ᠰᠢᠲᠦᠵᠦ ᠶᠠᠪᠤᠭᠠᠳ ᠰᠡᠳᠬᠢᠯ ᠨᠢ ᠬᠠᠭᠤᠷᠠᠢ  

  ᠢᠳᠡᠵᠦ ᠢᠳᠡᠵᠦ ᠫᠥᠬᠥ 
  ᠬᠡᠪᠲᠡᠵᠦ ᠬᠡᠪᠲᠡᠵᠦ ᠶᠣᠬᠣ  

  ᠢᠳᠡᠵᠦ ᠢᠷᠭᠡ ᠪᠣᠯᠳᠠᠭ ᠦᠭᠡᠢ 
  ᠴᠠᠳᠴᠤ ᠱᠠᠷ ᠪᠣᠯᠳᠠᠭ ᠦᠭᠡᠢ 

  ᠢᠳᠡᠵᠦ ᠬᠠᠨᠤᠳᠠᠭ ᠦᠭᠡᠢ ᠬᠠᠲᠤᠨ  
  ᠡᠴᠡᠵᠦ ᠬᠠᠨᠤᠳᠠᠭ ᠦᠭᠡᠢ ᠪᠣᠭᠣᠯ 

  ᠢᠳᠡᠷ ᠮᠥᠷᠦᠨ ᠦ᠌ ᠤᠰᠤ ᠶ᠋ᠢ ᠡᠯᠡᠰᠦ ᠪᠡᠷ ᠪᠣᠭᠣᠵᠤ ᠪᠣᠯᠳᠠᠭ ᠦᠭᠡᠢ  
  ᠡᠷᠳᠡᠮᠲᠦ ᠬᠥᠮᠦᠨ ᠦ᠌ ᠰᠠᠨᠠᠭ᠎ᠠ ᠶ᠋ᠢ ᠡᠯᠳᠡᠪ ᠢ᠋ᠶ᠋ᠡᠷ ᠴᠡᠨᠡᠵᠦ ᠪᠣᠯᠳᠠᠭ ᠦᠭᠡᠢ 

  ᠢᠳᠡᠷ ᠲᠦ᠍ ᠪᠡᠨ ᠰᠤᠷᠬᠤ ᠦᠭᠡᠢ ᠪᠣᠯ 
  ᠥᠲᠡᠯᠦᠭᠰᠡᠨ ᠬᠣᠢᠨ᠎ᠠ ᠪᠠᠨ ᠰᠤᠷᠬᠤ ᠦᠭᠡᠢ 

  ᠢᠳᠡᠬᠦ ᠨᠢ ᠪᠢᠷᠢᠳ ᠰᠢᠭ 
  ᠬᠢᠬᠦ ᠨᠢ ᠮᠡᠯᠡᠬᠡᠢ ᠰᠢᠭ 

  ᠢᠳᠡᠬᠦ ᠨᠢ ᠭᠠᠭᠠᠢ ᠰᠢᠭ᠋ 
  ᠶᠠᠪᠤᠬᠤ ᠨᠢ ᠮᠣᠭᠠᠢ ᠰᠢᠭ᠋ (ᠬᠣᠷᠣᠬᠠᠢ ᠰᠢᠭ᠋ )

  ᠢᠳᠡᠬᠦ ᠨᠢ ᠢᠳᠡᠷ 
  ᠶᠠᠪᠤᠬᠤ ᠨᠢ ᠶᠠᠳᠠᠷ 

  ᠢᠳᠡᠬᠦ ᠨᠢ ᠢᠷᠭᠡ ᠰᠡᠷᠬᠡ 
  ᠶᠠᠪᠤᠬᠤ ᠨᠢ ᠬᠡᠳᠡᠷ ᠶᠣᠳᠣᠷ 

  ᠢᠳᠡᠬᠦ ᠨᠢ ᠡᠮᠦᠨ᠎ᠡ ᠪᠡᠨ 
  ᠬᠢᠬᠦ ᠨᠢ ᠬᠣᠢᠨ᠎ᠠ ᠪᠠᠨ 

  ᠢᠳᠡᠬᠦ ᠶᠠᠭᠤᠮ᠎ᠠ ᠬᠠᠷᠠᠬᠤ ᠪᠠᠷ ᠢᠨᠢᠶᠡᠳᠦ ᠨᠢ ᠬᠦᠷᠳᠡᠭ 
  ᠰᠤᠷᠬᠤ ᠶᠠᠭᠤᠮ᠎ᠠ ᠬᠠᠷᠠᠬᠤ ᠪᠠᠷ ᠨᠣᠢᠷ (ᠠᠭᠤᠷ) ᠨᠢ ᠬᠦᠷᠳᠡᠭ  
  ᠰᠤᠷᠬᠤ ᠶᠠᠭᠤᠮ᠎ᠠ ᠬᠠᠷᠠᠬᠤ ᠪᠠᠷ ᠰᠦᠨᠡᠰᠦ ᠨᠢ ᠵᠠᠢᠯᠠᠳᠠᠭ 

  ᠢᠳᠡᠬᠦ ᠳ᠋ᠦ᠍ ᠪᠡᠨ ᠬᠠᠳᠤᠷᠭᠠᠨ 
  ᠬᠢᠬᠦ ᠳ᠋ᠦ᠍ ᠪᠡᠨ ᠭᠡᠳᠡᠷᠭᠡᠨ  

  ᠢᠳᠡᠬᠦ ᠳ᠋ᠦ᠍ ᠪᠡᠨ ᠡᠷ᠎ᠡ ᠪᠠᠷᠰ 
  ᠬᠢᠬᠦ ᠳ᠋ᠦ᠍ ᠪᠡᠨ ᠬᠠᠱᠠᠩ ᠪᠤᠬ᠎ᠠ 

  ᠢᠳᠡᠬᠦ ᠳ᠋ᠦ᠍ ᠪᠡᠨ ᠳᠣᠷᠣᠭᠣ 
  ᠢᠳᠡᠭᠰᠡᠨ ᠬᠣᠢᠨ᠎ᠠ ᠪᠠᠨ ᠪᠦᠷᠬᠦᠭ ᠲᠡᠭᠷᠢ 

  ᠢᠳᠡᠬᠦ ᠶ᠋ᠢ ᠦᠵᠡᠵᠦ ᠥᠯᠥᠰᠦᠨ᠎ᠡ 
  ᠡᠮᠦᠰᠬᠦ ᠶ᠋ᠢ ᠦᠵᠡᠵᠦ ᠲᠠᠭᠠᠷᠠᠨ᠎ᠠ 

  ᠢᠳᠡᠬᠦ ᠶ᠋ᠢᠨ ᠳᠠᠷᠠᠭ᠎ᠠ 
  ᠪᠠᠢᠬᠤ ᠶ᠋ᠢᠨ ᠪᠠᠷᠠᠭ᠎ᠠ 

  ᠢᠳᠡᠬᠦ ᠶ᠋ᠢᠨ ᠰᠠᠪᠠᠨ ᠠ᠋ᠴᠠ  
  ᠡᠷᠳᠡᠮ ᠦ᠋ᠨ ᠰᠠᠪᠠ ᠳᠡᠭᠡᠷ᠎ᠡ  

  ᠢᠳᠡᠬᠦ ᠶ᠋ᠢᠨ ᠤᠷ᠎ᠠ ᠲᠠᠢ 
  ᠬᠢᠬᠦ ᠶ᠋ᠢᠨ ᠡᠷᠳᠡᠮ ᠦᠭᠡᠢ 
 
  ᠢᠳᠡᠬᠦ ᠳ᠋ᠦ᠍ ᠪᠤᠤ ᠶᠠᠭᠠᠷᠠ 
  ᠶᠠᠪᠤᠬᠤ ᠳ᠋ᠤ᠌ ᠪᠤᠤ ᠰᠠᠭᠠᠷᠠ 

  ᠢᠳᠡᠬᠦ ᠳ᠋ᠦ᠍ ᠵᠥᠭᠡᠯᠡᠨ 
  ᠡᠭᠦᠷᠬᠦ ᠳ᠋ᠦ᠍ ᠬᠥᠩᠭᠡᠨ  

  ᠢᠳᠡᠬᠦ ᠳ᠋ᠦ᠍ ᠬᠣᠨᠢᠨ ᠤ᠋ ᠮᠢᠬ᠎ᠠ 
  ᠡᠮᠦᠰᠬᠦ ᠳ᠋ᠦ᠍ ᠬᠤᠷᠠᠭᠠᠨ ᠳᠡᠪᠡᠯ 

  ᠢᠳᠡᠬᠦ ᠳ᠋ᠦ᠍ ᠡᠷ᠎ᠡ ᠪᠡᠨ ᠭᠠᠷᠭᠠᠬᠤ ᠪᠠᠷ 
  ᠠᠵᠢᠯ ᠳ᠋ᠤ᠌ ᠡᠷ᠎ᠡ ᠪᠡᠨ ᠭᠠᠷᠭ᠎ᠠ  

  ᠢᠳᠡᠬᠦ ᠡᠴᠡ ᠪᠡᠨ ᠰᠠᠭᠤᠬᠤ ᠨᠢ  
  ᠤᠨᠲᠠᠬᠤ ᠠ᠋ᠴᠠ ᠪᠠᠨ ᠬᠡᠪᠲᠡᠬᠦ ᠨᠢ  

  ᠢᠳᠡᠭᠡ ᠠᠷᠪᠢᠨ ᠪᠣᠯᠪᠠᠴᠤ ᠠᠮᠰᠠᠵᠤ ᠪᠠᠢᠵᠤ ᠮᠡᠳᠡᠨ᠎ᠡ 
  ᠡᠷᠳᠡᠮ ᠠᠷᠪᠢᠨ ᠪᠣᠯᠪᠠᠴᠤ ᠰᠤᠷᠴᠤ ᠪᠠᠢᠵᠤ ᠮᠡᠳᠡᠨ᠎ᠡ  

  ᠢᠳᠡᠭᠡ ᠡᠵᠡᠨ ᠢ᠋ᠶ᠋ᠡᠨ ᠲᠠᠨᠢᠳᠠᠭ ᠦᠭᠡᠢ 
  ᠢᠷᠭᠡ ᠰᠡᠭᠦᠯ ᠢ᠋ᠶ᠋ᠡᠨ ᠲᠠᠨᠢᠳᠠᠭ ᠦᠭᠡᠢ 

  ᠢᠳᠡᠭᠡ ᠶ᠋ᠢ ᠠᠮᠲᠠᠯᠠᠬᠤ ᠭᠡᠵᠦ ᠳᠠᠪᠤᠰᠤ ᠬᠢᠬᠦ 
  ᠦᠭᠡ ᠶ᠋ᠢ ᠠᠮᠲᠠᠯᠠᠬᠤ ᠭᠡᠵᠦ ᠵᠦᠢᠷ ᠬᠡᠯᠡᠬᠦ 

  ᠢᠳᠡᠭᠡ ᠶ᠋ᠢ ᠠᠮᠲᠠᠯᠠᠬᠤ ᠳᠠᠪᠤᠰᠤ  
  ᠦᠭᠡ ᠶ᠋ᠢ ᠠᠮᠲᠠᠯᠠᠬᠤ ᠵᠦᠢᠷ  

  ᠢᠳᠡᠭᠡ ᠪᠡᠷ ᠳᠠᠢᠯᠠᠬᠤ ᠨᠢ ᠬᠥᠮᠦᠨ ᠦ᠌ ᠶᠣᠰᠣ  
  ᠢᠵᠢᠯᠢᠰᠢᠨ ᠳᠠᠰᠬᠤ ᠨᠢ ᠮᠠᠯ ᠤ᠋ᠨ ᠶᠣᠰᠣ  

  ᠢᠳᠡᠭᠡᠯᠡᠬᠦ ᠴᠠᠭ ᠲᠤ᠌ ᠢᠳᠠᠮ ᠪᠢᠷᠠᠭᠤ ᠮᠡᠲᠦ ᠶᠠᠪᠤ  
  ᠢᠳᠡᠪᠬᠢᠯᠡᠬᠦ ᠴᠠᠭ ᠲᠤ᠌ ᠢᠳᠡᠷ ᠰᠢᠪᠠᠭᠤ ᠮᠡᠲᠦ ᠳᠣᠪᠲᠣᠯ  

  ᠢᠳᠡᠭᠡᠨ ᠦ᠌ ᠳᠡᠭᠡᠵᠢ ᠠᠷᠢᠬᠢ  
  ᠡᠳ᠋ ᠦ᠋ᠨ ᠳᠡᠭᠡᠳᠦ ᠨᠣᠣᠰᠣ  

  ᠢᠳᠡᠭᠡᠨ ᠦ᠌ ᠳᠡᠭᠡᠵᠢ ᠥᠷᠥᠮ᠎ᠡ 
  ᠡᠳ᠋ ᠦ᠋ᠨ ᠳᠡᠭᠡᠵᠢ ᠬᠠᠳᠠᠭ 

  ᠢᠳᠡᠭᠡᠨ ᠦ᠌ ᠰᠠᠪᠠ ᠲᠣᠮᠣ ᠠ᠋ᠴᠠ 
  ᠡᠷᠳᠡᠮ ᠦ᠋ᠨ ᠰᠠᠪᠠ ᠶᠡᠬᠡ ᠨᠢ ᠢᠯᠡᠭᠦᠦ  

  ᠢᠵᠢᠯᠢ ᠭᠤᠷᠪᠠᠨ ᠭᠥᠷᠥᠭᠡᠰᠦ 
  ᠡᠵᠢ ᠶ᠋ᠢᠨ ᠬᠣᠶᠠᠷ ᠬᠦᠦ  

  ᠢᠵᠢᠯᠢ ᠬᠣᠶᠠᠷ ᠠᠮᠠᠷᠠᠭ ᠲᠤ᠌ 
  ᠥᠰᠢᠶᠡᠲᠡᠨ ᠣᠯᠠᠨ 

  ᠢᠵᠢᠯᠢ ᠬᠣᠶᠠᠷ ᠮᠣᠭᠠᠢ ᠶ᠋ᠢᠨ 
  ᠡᠷ᠎ᠡ ᠥᠬᠢᠨ ᠢ᠋ ᠲᠠᠨᠢ 
  ᠡᠭᠴᠡ ᠲᠠᠭᠠᠷᠢᠭᠰᠠᠨ ᠮᠣᠳᠣᠨ ᠤ᠋ 
  ᠦᠵᠦᠭᠦᠷ ᠶᠣᠵᠣᠭᠣᠷ ᠢ᠋ ᠲᠠᠨᠢ   

  ᠢᠵᠢᠯᠢ ᠪᠡᠨ ᠢᠳᠡᠵᠦ 
  ᠬᠠᠨᠢ ᠪᠠᠨ ᠬᠠᠵᠠᠬᠤ  

  ᠢᠵᠢᠯᠢ ᠪᠡᠨ ᠣᠯᠵᠤ ᠮᠥᠭᠡᠷᠡ 
  ᠦᠭᠡ ᠪᠡᠨ ᠣᠯᠵᠤ ᠬᠡᠯᠡ  

  ᠢᠵᠢᠯᠢ ᠪᠡᠨ ᠦᠵᠡᠬᠦ ᠳᠦ ᠢᠨᠴᠠᠭᠠᠳᠠᠭ ( ᠦᠦᠷᠰᠡᠳᠡᠭ )
  ᠢᠨᠠᠭ ᠢᠶᠠᠨ ᠦᠵᠡᠬᠦ ᠳᠦ ᠪᠠᠶᠠᠰᠳᠠᠭ 

  ᠢᠵᠢᠯᠢ ᠡᠴᠡ ᠪᠡᠨ ᠰᠠᠯᠤᠭᠰᠠᠨ ᠮᠣᠷᠢ ᠢᠨᠴᠠᠭᠠᠮᠠᠲᠠᠭᠠᠢ  
  ᠢᠨᠠᠭ ᠠᠴᠠ ᠪᠠᠨ ᠰᠠᠯᠤᠭᠰᠠᠨ ᠬᠥᠮᠥᠨ ᠤᠬᠢᠯᠠᠮᠠᠲᠠᠭᠠᠢ (ᠭᠤᠨᠢᠮᠠᠲᠠᠭᠠᠢ )

  ᠢᠯᠡ ᠪᠠᠢᠭ᠎ᠠ ᠨᠠᠷᠠ ᠶᠢ 
  ᠢᠯᠭᠢ ᠪᠡᠷ ᠬᠠᠯᠬᠠᠯᠠᠵᠤ ᠪᠣᠯᠳᠠᠭ ᠦᠭᠡᠢ 

  ᠢᠯᠡ ᠶᠠᠭᠤᠮ᠎ᠠ ᠶᠢ 
  ᠢᠯᠭᠢ ᠪᠡᠷ ᠬᠠᠯᠬᠠᠯᠠᠬᠤ ᠦᠭᠡᠢ  

  ᠢᠯᠡ ᠪᠠᠢᠭ᠎ᠠ ᠶᠠᠭᠤᠮ᠎ᠠ ᠶᠢ 
  ᠢᠯᠭᠢ ᠪᠡᠷ ᠬᠠᠭᠠᠭᠠᠵᠤ ᠪᠣᠯᠳᠠᠭ ᠦᠭᠡᠢ 

  ᠢᠯᠡ ᠪᠠᠢᠭᠰᠠᠨ ᠲᠣᠯᠢ ᠲᠠᠢ 
  ᠢᠯᠡᠭᠦᠦ ᠬᠠᠷᠠᠭᠰᠠᠨ ᠨᠢᠳᠦ ᠲᠠᠢ 

  ᠢᠯᠡ ᠭᠠᠵᠠᠷ ᠮᠣᠷᠢ ᠪᠠᠨ ᠤᠶᠠ 
  ᠢᠲᠡᠭᠡᠭᠰᠡᠨ ᠬᠥᠮᠥᠨ ᠳᠦ ᠦᠭᠡ ᠪᠡᠨ ᠬᠡᠯᠡ 

  ᠢᠯᠡ ᠮᠠᠭᠲᠠᠪᠠᠴᠤ ᠬᠣᠵᠢᠭᠢᠷ  
  ᠳᠠᠯᠳᠠ ᠮᠠᠭᠤᠯᠠᠪᠠᠴᠤ ᠬᠣᠵᠢᠭᠢᠷ  

  ᠢᠯᠡ ᠮᠠᠭᠲᠠᠵᠤ ᠳᠠᠯᠳᠠ ᠮᠠᠭᠤᠯᠠᠬᠤ   

  ᠢᠯᠡ ᠦᠭᠡ ᠲᠠᠢ ᠬᠥᠮᠥᠨ ᠬᠡᠯᠡᠭᠰᠡᠭᠡᠷ 
  ᠢᠷ ᠰᠠᠢᠲᠠᠢ ᠬᠢᠳᠤᠭ᠎ᠠ ᠬᠥᠷᠥᠭᠰᠡᠭᠡᠷ 

  ᠡᠯᠵᠢᠭᠡ ᠪᠣᠯᠪᠠᠴᠤ ᠡᠵᠡᠨ ᠳᠦ ᠲᠤᠰᠠᠲᠠᠢ 
  ᠢᠰᠡᠭᠡᠢ ᠪᠣᠯᠪᠠᠴᠤ ᠬᠠᠨ᠎ᠠ ᠳᠤ ᠲᠤᠰᠠᠲᠠᠢ